ᠮᠠᠨᠵᠤᠤᠷ ᠲᠤ ᠺᠤᠨᠰᠦ᠋ᠯ ᠤᠨ ᠭᠠᠵᠠᠷ ᠨᠡᠭᠡᠭᠡᠨ᠎ᠡ | News.MN

ᠮᠠᠨᠵᠤᠤᠷ ᠲᠤ ᠺᠤᠨᠰᠦ᠋ᠯ ᠤᠨ ᠭᠠᠵᠠᠷ ᠨᠡᠭᠡᠭᠡᠨ᠎ᠡ

ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠮᠠᠨᠵᠤᠤᠷ ᠬᠤᠲᠠ ᠳᠤ ᠮᠣᠩᠭᠣᠯ ᠤᠯᠤᠰ ᠤᠨ ᠺᠤᠨᠰᠦ᠋ᠯ  ᠤᠨ ᠭᠠᠵᠠᠷ ᠨᠡᠭᠡᠭᠡᠨ ᠠᠵᠢᠯᠯᠠᠭᠤᠯᠬᠤ ᠲᠤᠬᠠᠢ ᠤᠯᠤᠰ ᠤᠨ ᠶᠡᠬᠡ ᠬᠤᠷᠠᠯ ᠦᠨ ᠲᠣᠭᠲᠠᠭᠠᠯ ᠢ ᠳᠡᠮᠵᠢᠵᠦ  ᠡᠷᠭᠦᠨ ᠮᠡᠳᠡᠭᠦᠯᠬᠦ ᠪᠡᠷ ᠪᠣᠯᠪᠠ᠃ ᠡᠨᠡ ᠨᠢ ᠲᠤᠰ ᠬᠣᠲᠠ ᠪᠣᠯᠤᠨ ᠰᠦᠮᠪᠦᠷ-ᠷᠠᠰᠢᠶᠠᠨ᠂ ᠬᠠᠪᠢᠷᠭ᠎ᠠ-ᠠᠷᠤ  ᠬᠠᠰᠢᠶᠠᠲᠤ ᠂ ᠪᠠᠶᠠᠨᠬᠣᠰᠢᠭᠤ-ᠡᠪᠦᠳᠦᠭ ᠪᠣᠭᠣᠮᠲᠠ ᠪᠠᠷ ᠵᠣᠷᠴᠢᠵᠤ ᠪᠠᠶᠢᠭ᠎ᠠ ᠢᠷᠭᠡᠳ ᠦᠨ ᠡᠷᠬᠡ ᠠᠰᠢᠭ ᠢ ᠬᠠᠮᠠᠭᠠᠯᠠᠬᠤ᠂ ᠲᠡᠳᠡᠨ ᠳᠦ ᠺᠤᠨᠰᠦ᠋ᠯ  ᠤᠨ ᠦᠢᠯᠡᠴᠢᠯᠡᠭᠡ ᠲᠦᠷᠭᠡᠨ ᠰᠢᠭᠤᠷᠬᠠᠢ ᠦᠵᠡᠭᠦᠯᠬᠦ  ᠵᠤᠷᠢᠯᠭ᠎ᠠ ᠲᠠᠢ ᠶᠤᠮ᠃ ᠥᠩᠭᠡᠷᠡᠭᠰᠡᠨ ᠣᠨ ᠳᠤ ᠳᠡᠭᠡᠷᠡᠬᠢ ᠪᠣᠭᠣᠮᠲᠠ ᠨᠤᠭᠤᠳ ᠢᠶᠠᠷ ᠳᠠᠪᠬᠤᠷᠳᠠᠭᠰᠠᠨ ᠲᠣᠭ᠎ᠠ ᠪᠠᠷ 260 ᠣᠷᠴᠢᠮ ᠮᠢᠩᠭᠠᠨ ᠢᠷᠭᠡᠨ ᠳᠠᠮᠵᠢᠵᠤ ᠮᠠᠨᠵᠤᠤᠷ ᠲᠤ ᠵᠣᠷᠴᠢᠵᠠᠢ᠃

ᠰᠡᠳᠬᠢᠭᠳᠡᠯ ᠦᠯᠡᠳᠡᠭᠡᠬᠦ