ᠨᠥᠬᠥᠨ ᠰᠣᠩᠭᠣᠭᠤᠯᠢ ᠳᠤ 17906 ᠰᠣᠩᠭᠣᠭᠴᠢ ᠰᠠᠨᠠᠯ ᠥᠭᠭᠦᠨ᠎ᠡ | News.MN

ᠨᠥᠬᠥᠨ ᠰᠣᠩᠭᠣᠭᠤᠯᠢ ᠳᠤ 17906 ᠰᠣᠩᠭᠣᠭᠴᠢ ᠰᠠᠨᠠᠯ ᠥᠭᠭᠦᠨ᠎ᠡ

ᠤᠯᠤᠰ ᠤᠨ ᠶᠡᠬᠡ ᠬᠤᠷᠠᠯ ᠤᠨ 42 ᠳ᠋ᠤᠭᠠᠷ ᠲᠣᠭᠣᠷᠢᠭ ᠲᠤ  ᠬᠡᠷᠦᠯᠦᠨ᠂ ᠮᠥᠷᠡᠨ᠂ ᠵᠢᠷᠭᠠᠯᠲᠤᠬᠠᠨ ᠵᠡᠷᠭᠡ ᠰᠤᠮᠤ᠂ ᠲᠠᠬᠢᠯᠭᠠᠲᠤ᠂ ᠥᠯᠵᠡᠶᠢᠲᠦ ᠲᠣᠰᠬᠣᠨ ᠪᠠᠭᠲᠠᠳᠠᠭ ᠪᠥᠭᠡᠳ ᠨᠡᠶᠢᠲᠡ 17906 ᠰᠣᠩᠭᠣᠭᠴᠢ ᠰᠠᠨᠠᠯ ᠥᠭᠭᠦᠨ᠎ᠡ᠃ ᠬᠦᠮᠦᠨ ᠠᠮᠠ ᠶᠢᠨ ᠲᠣᠭᠠᠨ ᠠᠴᠠ ᠬᠠᠮᠢᠶᠠᠷᠴᠦ ᠂ ᠬᠡᠷᠦᠯᠦᠨ ᠰᠤᠮᠤᠨ ᠳᠤ 11᠂  ᠮᠦᠷᠡᠨ᠂ ᠵᠢᠷᠭᠠᠯᠲᠤᠬᠠᠨ ᠰᠤᠮᠤᠨ ᠳᠤ ᠲᠤᠰ ᠪᠦᠷᠢ ᠲᠠᠪᠤ ᠨᠡᠶᠢᠲᠡ 21 ᠰᠠᠨᠠᠯ ᠠᠪᠬᠤ ᠪᠠᠶᠢᠷᠢ ᠠᠵᠢᠯᠯᠠᠬᠤ ᠶᠤᠮ ᠪᠠᠶᠢᠨ᠎ᠠ᠃
ᠬᠡᠨᠲᠡᠢ ᠠᠶᠢᠮᠠᠭ ᠤᠨ ᠰᠣᠩᠭᠣᠭᠤᠯᠢ ᠶᠢᠨ ᠬᠣᠷᠢᠶ᠎ᠠ  ᠬᠤᠶᠠᠳᠠᠬᠢ ᠬᠤᠷᠠᠯᠳᠤᠭᠠᠨ ᠢᠶᠠᠨ ᠬᠢᠵᠦ᠂ ᠦᠢᠯᠡ ᠠᠵᠢᠯᠯᠠᠭᠠᠨ ᠤ ᠲᠥᠯᠥᠪᠯᠡᠭᠡ᠂ ᠭᠡᠰᠢᠭᠦᠳ ᠦᠨ ᠠᠵᠢᠯ ᠡᠭᠦᠷᠭᠡ ᠶᠢᠨ ᠬᠤᠪᠢᠶᠠᠷᠢ᠂ ᠰᠤᠮᠤᠳ ᠤᠨ ᠰᠣᠩᠭᠣᠭᠤᠯᠢ ᠶᠢᠨ ᠬᠣᠷᠢᠶ᠎ᠠ ᠪᠠᠶᠢᠭᠤᠯᠬᠤ ᠠᠰᠠᠭᠤᠳᠠᠯ ᠢ ᠲᠤᠰ ᠲᠤᠰ ᠬᠡᠯᠡᠯᠴᠡᠵᠦ ᠪᠠᠲᠤᠯᠠᠯ᠎ᠠ᠃

ᠰᠣᠩᠭᠣᠭᠤᠯᠢ ᠶᠢ ᠵᠣᠬᠢᠶᠠᠨ ᠪᠠᠶᠢᠭᠤᠯᠬᠤ ᠠᠵᠢᠯ ᠤᠨ ᠬᠡᠰᠡᠭ ᠲᠦ ᠲᠥᠷᠥ ᠶᠢᠨ ᠵᠠᠬᠢᠷᠭᠠᠨ ᠤ ᠪᠣᠯᠤᠨ ᠲᠥᠷᠥ ᠶᠢᠨ ᠦᠢᠯᠡᠴᠢᠯᠡᠭᠡᠨ ᠦ ᠠᠯᠪᠠᠨ ᠬᠠᠭᠠᠭᠴᠢᠳ ᠠᠵᠢᠯᠯᠠᠬᠤ ᠪᠥᠭᠡᠳ ᠪᠦᠭᠦᠳᠡ ᠰᠤᠷᠭᠠᠯᠲᠠ ᠳᠤ ᠬᠠᠮᠤᠷᠤᠭᠳᠠᠵᠤ ᠭᠡᠷᠡᠴᠢᠯᠡᠭᠡ ᠠᠪᠴᠠᠢ᠃ ᠲᠤᠰ ᠠᠶᠢᠮᠠᠭ ᠤᠨ ᠰᠣᠩᠭᠣᠭᠤᠯᠢ ᠶᠢᠨ ᠬᠣᠷᠢᠶᠠᠨ ᠤ ᠭᠡᠰᠢᠭᠦᠳ ᠨᠢ 5-6 ᠰᠣᠩᠭᠣᠭᠤᠯᠢ ᠶᠢ ᠵᠣᠬᠢᠶᠠᠨ ᠪᠠᠶᠢᠭᠤᠯᠤᠭᠰᠠᠨ ᠲᠤᠷᠰᠢᠯᠭ᠎ᠠ ᠲᠠᠢ ᠠᠵᠠᠢ ᠃  ᠳᠠᠰᠢᠷᠠᠮ ᠳᠤ ᠰᠣᠨᠢᠷᠬᠠᠭᠤᠯᠬᠤ ᠳᠤ᠂ ᠲᠠᠪᠤᠳᠤᠭᠠᠷ ᠰᠠᠷ᠎ᠠ ᠳᠤ ᠪᠠᠭᠲᠠᠭᠠᠨ ᠨᠠᠮ ᠤᠳ ᠰᠣᠩᠭᠣᠭᠤᠯᠢ ᠶᠢᠨ ᠶᠡᠷᠦᠩᠬᠡᠢ ᠬᠣᠷᠢᠶ᠎ᠠ ᠳᠦ ᠨᠡᠷ᠎ᠡ ᠳᠡᠪᠰᠢᠬᠦ ᠬᠦᠰᠡᠯᠲᠡ ᠪᠡᠨ ᠭᠠᠷᠭᠠᠬᠤ ᠪᠣᠯ ᠪᠡᠶ᠎ᠡ ᠳᠠᠭᠠᠭᠠᠨ ᠨᠡᠷ᠎ᠡ ᠳᠡᠪᠰᠢᠭᠴᠢᠳ ᠠᠶᠢᠮᠠᠭ ᠤᠨ ᠰᠣᠩᠭᠣᠭᠤᠯᠢ ᠶᠢᠨ ᠬᠣᠷᠢᠶᠠᠨ ᠠᠴᠠ ᠲᠤᠰᠬᠠᠢ ᠮᠠᠶ᠋ᠢᠭᠲᠤ ᠠᠪᠴᠤ 800 ᠠᠴᠠ ᠳᠣᠭᠣᠭᠰᠢ ᠦᠭᠡᠢ ᠬᠦᠮᠦᠨ ᠦ ᠭᠠᠷ ᠤᠨ ᠦᠰᠦᠭ ᠴᠤᠭᠯᠠᠭᠤᠯᠤᠭᠰᠠᠨ ᠢᠶᠠᠷ ᠨᠡᠷ᠎ᠡ ᠳᠡᠪᠰᠢᠬᠦ ᠡᠷᠬᠡ ᠪᠡᠨ ᠠᠪᠬᠤ ᠶᠤᠮ ᠃ ᠢᠷᠡᠬᠦ ᠵᠢᠷᠭᠤᠳᠤᠭᠠᠷ ᠰᠠᠷ᠎ᠠ ᠶᠢᠨ 5 ᠍ ᠤ ᠳᠣᠲᠣᠷ᠎ᠠ ᠨᠡᠷ᠎ᠡ ᠳᠡᠪᠰᠢᠭᠴᠢᠳ ᠲᠣᠳᠣᠷᠬᠠᠢ ᠪᠣᠯᠤᠨ᠎ᠠ᠃

ᠰᠡᠳᠬᠢᠭᠳᠡᠯ ᠦᠯᠡᠳᠡᠭᠡᠬᠦ