ᠡ᠊∙ᠼᠡᠨᠳᠡᠪᠠᠭᠠᠲᠤᠷ ᠠᠯᠲᠠᠨ ᠮᠧᠳᠠᠯ ᠬᠦᠷᠲᠡᠯ᠎ᠡ | News.MN

ᠡ᠊∙ᠼᠡᠨᠳᠡᠪᠠᠭᠠᠲᠤᠷ ᠠᠯᠲᠠᠨ ᠮᠧᠳᠠᠯ ᠬᠦᠷᠲᠡᠯ᠎ᠡ

ᠰᠣᠨᠢᠷᠬᠠᠭᠴᠢᠳ ᠤᠨ ᠪᠣᠺᠰ ᠤᠨ ᠨᠠᠰᠤᠨ ᠳᠤ ᠬᠦᠷᠦᠭᠰᠡᠳ ᠦᠨ ᠠᠽᠢᠶ᠎ᠠ ᠲᠢᠪ ᠦᠨ ᠠᠪᠤᠷᠭᠤ ᠰᠢᠯᠭᠠᠷᠠᠭᠤᠯᠬᠤ ᠲᠡᠮᠡᠴᠡᠭᠡᠨ ᠲᠠᠶᠢᠯᠠᠨᠳ᠋ ᠤᠨ ᠨᠡᠶᠢᠰᠯᠡᠯ ᠪᠠᠩᠺᠤᠺ ᠬᠤᠲᠠ ᠳᠤ ᠪᠣᠯᠵᠤ ᠪᠠᠶᠢᠨ᠎ᠠ᠃ ᠡᠷᠡᠭᠲᠡᠶᠢᠴᠦᠳ ᠦᠨ 60  ᠺᠢᠯᠦᠭᠷᠡᠮ ᠤᠨ ᠵᠢᠩ ᠳᠦ ᠡ᠊∙ᠼᠡᠨᠳᠡᠪᠠᠭᠠᠲᠤᠷ ᠬᠠᠰᠠᠭᠰᠲ᠋ᠠᠨ ᠤ ᠲᠠᠮᠢᠷᠴᠢᠨ ᠽ∙ᠰᠠᠹᠢᠤᠯᠢᠨ ᠲᠠᠢ ᠠᠯᠲᠠᠨ ᠮᠧᠳᠠᠯ ᠤᠨ ᠲᠥᠯᠥᠭᠡ ᠥᠷᠢᠰᠦᠯᠳᠦᠵᠦ ᠢᠯᠠᠯᠲᠠ ᠪᠠᠶᠢᠭᠤᠯᠤᠯ᠎ᠠ᠃
ᠬᠠᠷᠢᠨ ᠡᠨᠡ ᠲᠡᠮᠡᠴᠡᠭᠡᠨ ᠳᠦ ᠮᠣᠩᠭᠣᠯ ᠤᠨ ᠡᠮᠡᠭᠲᠡᠢ 4᠂ ᠡᠷᠡᠭᠲᠡᠢ 2 ᠲᠠᠮᠢᠷᠴᠢᠨ ᠳᠠᠪᠵᠢᠶᠡᠨ ᠳᠦ ᠭᠠᠷᠴᠤ ᠲᠤᠯᠤᠯᠳᠤᠭᠰᠠᠨ ᠪᠥᠭᠡᠳ ᠲᠡᠳᠡ ᠥᠷᠢᠰᠦᠯᠳᠦᠭᠴᠢᠳ ᠲᠤ ᠪᠠᠨ ᠢᠯᠠᠭᠳᠠᠵᠤ ᠬᠦᠷᠡᠯ ᠮᠧᠳᠠᠯ ᠬᠦᠷᠲᠡᠭᠰᠡᠨ ᠪᠠᠶᠢᠨ᠎ᠠ᠃ᠪ∙ᠴᠢᠩᠵᠣᠷᠢᠭ ᠭᠡᠮᠲᠦᠯ ᠦᠨ ᠤᠯᠠᠮ ᠠᠴᠠ ᠳᠡᠪᠵᠢᠶᠡᠨ ᠳᠦ ᠭᠠᠷᠤᠭ᠎ᠠ ᠦᠭᠡᠢ ᠪᠥᠭᠡᠳ ᠬᠦᠷᠡᠯ ᠮᠧᠳᠠᠯ  ᠬᠦᠷᠲᠡᠬᠦ ᠪᠡᠷ ᠪᠣᠯᠪᠠ᠃ ᠲᠡᠭᠦᠨ ᠦ ᠬᠤᠪᠢ ᠳᠤ ᠴᠢᠨᠰᠠᠭ᠎ᠠ ᠪᠠᠷ ᠢᠶᠠᠨ ᠵᠢᠩ ︵64 ᠺᠢᠯᠦᠭᠷᠡᠮ ︶ ᠳᠦ ᠪᠡᠨ ᠨᠡᠯᠢᠶᠡᠳ ᠳᠡᠭᠡᠭᠦᠷ ᠲᠦ ᠪᠠᠶᠢᠭ᠎ᠠ ᠤᠴᠢᠷ ᠠᠴᠠ ᠳᠠᠷᠠᠭ᠎ᠠ ᠳᠠᠷᠠᠭ᠎ᠠ ᠶᠢᠨ ᠲᠡᠮᠡᠴᠡᠭᠡᠨ ᠳᠦ ᠣᠯᠢᠮᠫ ᠤᠨ ᠡᠷᠬᠡ ᠠᠪᠬᠤ ᠪᠦᠷᠢᠨ ᠪᠣᠯᠤᠮᠵᠢ ᠲᠠᠢ ᠶᠤᠮ᠃

ᠰᠡᠳᠬᠢᠭᠳᠡᠯ ᠦᠯᠡᠳᠡᠭᠡᠬᠦ