ᠲ᠂ ᠠᠷᠢᠭᠤᠨ᠎ᠠ ᠡᠸᠦ᠋ᠷᠦᠫᠡ ᠶᠢᠨ ᠤᠷᠤᠨ ᠢᠶᠠᠷ ᠲᠤᠭᠯᠠᠯᠲᠠ ᠭᠠᠷᠭᠠᠨ᠎ᠠ | News.MN

ᠲ᠂ ᠠᠷᠢᠭᠤᠨ᠎ᠠ ᠡᠸᠦ᠋ᠷᠦᠫᠡ ᠶᠢᠨ ᠤᠷᠤᠨ ᠢᠶᠠᠷ ᠲᠤᠭᠯᠠᠯᠲᠠ ᠭᠠᠷᠭᠠᠨ᠎ᠠ

ᠭᠠᠯ ᠴᠣᠭ ᠲᠠᠢ ᠡᠷᠴᠢ ᠬᠦᠴᠦ ᠪᠡᠷ ᠢᠶᠡᠨ ᠦᠷᠭᠦᠯᠵᠢ ᠹᠧᠨ ᠨᠦᠭᠦᠳ ᠢᠶᠡᠨ ᠪᠠᠶᠢᠯᠳᠤᠨ ᠳᠠᠭᠠᠭᠤᠯᠳᠠᠭ ᠤᠷᠠᠨ ᠪᠦᠲᠦᠭᠡᠯᠴᠢᠳ ᠦᠨ ᠨᠢᠭᠡ ᠪᠣᠯ ᠲ∙ᠠᠷᠢᠭᠤᠨ᠎ᠠ᠃ ᠲᠡᠷᠡᠪᠡᠷ ᠤᠳᠠᠬᠤ ᠦᠭᠡᠢ ᠧᠦ᠋ᠷᠣᠫᠠ ᠶᠢᠨ ᠣᠷᠣᠨ ᠢᠶᠠᠷ ᠠᠶᠠᠯᠠᠨ ᠲᠣᠭᠯᠠᠯᠲᠠ ᠬᠢᠬᠦ ᠪᠡᠷ ᠪᠡᠯᠡᠳᠬᠡᠯ ᠢᠶᠡᠨ ᠪᠠᠵᠠᠭᠠᠵᠤ ᠪᠠᠶᠢᠭ᠎ᠠ ᠠᠵᠠᠢ᠃ ᠳᠥᠷᠪᠡᠳᠦᠭᠡᠷ ᠰᠠᠷ᠎ᠠ ᠶᠢᠨ 20 ᠍ ᠤ ᠡᠳᠦᠷ ᠰᠸᠢᠰ ᠤᠯᠤᠰ ᠤᠨ ᠵᠸᠨᠧᠪ ᠬᠣᠲᠠ ᠠᠴᠠ ᠡᠬᠢᠯᠡᠬᠦ ᠲᠡᠭᠦᠨ ᠦ ᠠᠶᠠᠯᠠᠨ ᠲᠣᠭᠯᠠᠯᠲᠠ ᠭᠧᠷᠮᠠᠨ᠂ ᠪᠧᠯᠬᠢ᠂ ᠹᠷᠠᠨᠼᠢ᠂ ᠴᠸᠬᠤ᠋᠂ ᠠᠦ᠋ᠰᠲᠷᠢᠶ᠎ᠠ᠂ ᠰᠸᠸᠳ᠋ᠸᠨ ᠂ ᠠᠩᠭᠯᠢ᠂  ᠲᠦᠷᠺ᠂  ᠠᠶᠢᠷᠯᠠᠨᠳ᠋ ᠵᠡᠷᠭᠡ ᠣᠷᠣᠨ ᠨᠤᠭᠤᠳ ᠢᠶᠠᠷ ᠦᠷᠭᠦᠯᠵᠢᠯᠡᠬᠦ ᠶᠤᠮ ᠪᠠᠶᠢᠨ᠎ᠠ᠃
ᠳᠠᠭᠤᠴᠢᠨ ᠮᠠᠨᠢ ᠬᠠᠮᠤᠭ ᠤᠨ ᠰᠡᠭᠦᠯ ᠳᠦ ︽ᠴᠢᠮ᠎ᠠ ᠳᠤ ᠪᠠᠨ ᠠᠭᠤᠰᠤᠨ᠎ᠠ︾ ᠬᠡᠮᠡᠬᠦ ᠳᠠᠭᠤᠤ ᠶᠢ ᠵᠦᠴᠦᠭᠡᠴᠢᠨ ᠲ ∙ ᠪᠠᠷᠬᠦᠦ ᠲᠡᠢ ᠬᠣᠣᠰᠯᠠᠨ ᠳᠠᠭᠤᠯᠠᠭᠰᠠᠨ ᠨᠢ ᠣᠯᠠᠨ ᠤ ᠠᠩᠬᠠᠷᠤᠯ ᠢ ᠲᠠᠲᠠᠭᠰᠠᠨ᠃ ᠡᠨᠡ ᠤᠷᠠᠨ ᠪᠦᠲᠦᠭᠡᠯ ᠨᠢ ᠲᠡᠭᠦᠨ ᠦ ᠤᠳᠠᠬᠤ ᠦᠭᠡᠢ ᠥᠯᠥᠭᠡᠶᠢᠳᠡᠨ ᠠᠪᠬᠤ  ︽ᠲᠩᠷᠢ ᠰᠢᠭ ᠪᠠᠢ︾ ᠳᠤᠯᠤᠭᠠᠳᠠᠬᠢ ᠴᠣᠮᠣᠭ ᠲᠤ  ᠪᠠᠭᠲᠠᠭᠰᠠᠨ ᠤᠷᠠᠨ ᠪᠦᠲᠦᠭᠡᠯ ᠦᠨ ᠨᠢᠭᠡ ᠠᠵᠠᠢ ᠃  ᠲᠡᠷᠡ ᠪᠡᠷ 2017 ᠣᠨ ᠳᠤ 21 ᠵᠢᠯ ᠦᠨ ᠡᠮᠦᠨ᠎ᠡ ᠰᠣᠨᠣᠰᠤᠭᠴᠢᠳ ᠢ ᠪᠠᠶᠢᠯᠳᠤᠨ ᠳᠠᠭᠠᠭᠤᠯᠤᠭᠰᠠᠨ ︽ᠤᠲᠠᠰᠤᠨ ᠤ ᠴᠢᠨᠢ ᠳ᠋ᠤᠭᠠᠷ ︾ ᠳᠠᠭᠤᠤ ᠪᠠᠨ ᠰᠢᠨᠡᠴᠢᠯᠡᠨ ᠳᠠᠭᠤᠯᠠᠵᠤ᠂ Cosmic Ariunaa ᠴᠣᠮᠣᠭ ᠢᠶᠠᠨ ᠹᠧᠨ ᠨᠦᠭᠦᠳ ᠲᠡᠭᠡᠨ ᠲᠠᠨᠢᠯᠴᠠᠭᠤᠯᠤᠭᠰᠠᠨ᠃

ᠰᠡᠳᠬᠢᠭᠳᠡᠯ ᠦᠯᠡᠳᠡᠭᠡᠬᠦ