ᠮᠣᠩᠭᠣᠯ ᠤᠯᠤᠰ ᠠᠴᠠ ᠪᠦᠭᠦᠳᠡ ᠨᠠᠶᠢᠷᠠᠮᠳᠠᠬᠤ ᠴᠸᠬᠤ᠋ ᠤᠯᠤᠰ᠍ ᠲᠤ ᠰᠠᠭᠤᠭ᠎ᠠ ᠡᠯᠴᠢᠨ ᠰᠠᠶᠢᠳ ᠤᠨ ᠶᠠᠮᠤᠨ᠂ ᠺᠢᠨᠣ᠋ ᠰᠣᠨᠢᠷᠬᠠᠭᠴᠢ ᠮᠣᠩᠭᠣᠯ᠂ ᠴᠸᠬᠤ᠋ ᠢᠷᠭᠡᠳ ᠲᠡᠢ ᠬᠠᠮᠲᠤᠷᠠᠨ ᠫᠠᠷᠭ᠎ᠠ ᠬᠣᠲᠠ ᠶᠢᠨ ︽ᠫᠢᠯᠣᠲ︾ ᠺᠢᠨᠣ᠋ ᠲᠢᠶᠠᠲ᠋ᠷ ᠲᠤ 4 ᠳ᠋ᠤᠭᠡᠷ ᠰᠠᠷ᠎ᠠ ᠶᠢᠨ 24-27 ᠍ ᠤ ᠡᠳᠦᠷ ᠦᠳ ᠲᠦ ︽ᠮᠣᠩᠭᠣᠯ ᠤᠨ ᠺᠢᠨᠣ᠋ ᠹᠸᠰᠲ᠋ᠢᠸᠠᠯᠢ ︾ ᠠᠷᠭ᠎ᠠ ᠬᠡᠮᠵᠢᠶ᠎ᠡ ᠶᠢ ᠵᠣᠬᠢᠶᠠᠨ ᠪᠠᠶᠢᠭᠤᠯᠵᠤ ᠪᠠᠶᠢᠨ᠎ᠠ᠃
ᠠᠩᠬ᠎ᠠ ᠤᠳᠠᠭ᠎ᠠ ᠵᠣᠬᠢᠶᠠᠨ ᠪᠠᠶᠢᠭᠤᠯᠤᠭᠳᠠᠵᠤ ᠪᠠᠶᠢᠭ᠎ᠠ ᠲᠤᠰ ᠠᠷᠭ᠎ᠠ ᠬᠡᠮᠵᠢᠶᠡᠨ ᠦ ᠦᠶ᠎ᠡ ᠪᠡᠷ ᠮᠣᠩᠭᠣᠯ ᠤᠨ ᠣᠷᠴᠢᠨ ᠦᠶ᠎ᠡ ᠶᠢᠨ ᠺᠢᠨᠣ᠋ ᠤᠷᠠᠯᠢᠭ ᠤᠨ ᠡᠬᠢᠨ ᠦᠶ᠎ᠡ ᠶᠢᠨ ᠰᠢᠯᠢᠳᠡᠭ ᠪᠦᠲᠦᠭᠡᠯ ᠦᠳ ᠪᠣᠯᠬᠤ ︽ᠠᠮᠠᠨ ᠬᠤᠭᠤᠷ︾᠂ ︽ᠭᠠᠷ ᠤᠨ ᠲᠠᠪᠤᠨ ᠬᠤᠷᠤᠭᠤ︾᠂ ︽ᠮᠠᠷᠲᠠᠭᠳᠠᠰᠢ ᠦᠭᠡᠢ ᠨᠠᠮᠤᠷ ︾ ᠵᠡᠷᠭᠡ ᠤᠷᠠᠨ ᠰᠠᠶᠢᠬᠠᠨ ᠤ ᠺᠢᠨᠤ᠋ ᠨᠤᠭᠤᠳ ᠠᠴᠠ ᠭᠠᠳᠠᠨ᠎ᠠ ᠰ∙ᠪᠢᠮᠪᠠ ᠶᠢᠨ ︽ᠠᠯᠤᠰ ᠤᠨ ᠤᠳᠤᠷᠢᠳᠤᠯᠭ᠎ᠠ︾᠂ ︽ᠬᠦᠰᠡᠯ ᠰᠢᠨᠤᠯ︾ ᠵᠡᠷᠭᠡ 1963-2015 ᠣᠨ ᠤ ᠬᠣᠭᠣᠷᠣᠨᠳᠣ ᠬᠢᠭᠳᠡᠭᠰᠡᠨ ᠨᠠᠢᠮᠠᠨ ᠲᠥᠷᠥᠯ ᠦᠨ ᠤᠷᠠᠨ ᠰᠠᠶᠢᠬᠠᠨ ᠪᠣᠯᠤᠨ ᠪᠠᠷᠢᠮᠲᠠᠲᠤ ᠺᠢᠨᠤ᠋ ᠶᠢ ᠴᠸᠬᠤ᠋ ᠬᠠᠳᠠᠮᠠᠯ ᠣᠷᠴᠢᠭᠤᠯᠭ᠎ᠠ ᠲᠠᠢ ᠪᠠᠷ ᠨᠡᠶᠢᠲᠡ ᠶᠢᠨ ᠬᠦᠷᠲᠡᠭᠡᠯ ᠪᠣᠯᠭᠠᠵᠤ ᠪᠠᠶᠢᠨ᠎ᠠ᠃