ᠴᠣᠭᠲᠤᠪᠠᠭᠠᠲᠤᠷ 21 ᠨᠠᠰᠤᠨ ᠳᠤ ᠪᠠᠨ ᠲᠢᠪ ᠦᠨ ᠠᠪᠤᠷᠭᠤ ᠪᠣᠯᠤᠯ᠎ᠠ | News.MN

ᠴᠣᠭᠲᠤᠪᠠᠭᠠᠲᠤᠷ 21 ᠨᠠᠰᠤᠨ ᠳᠤ ᠪᠠᠨ ᠲᠢᠪ ᠦᠨ ᠠᠪᠤᠷᠭᠤ ᠪᠣᠯᠤᠯ᠎ᠠ

ᠠᠷᠠᠪ ᠤᠨ ᠨᠢᠭᠡᠳᠦᠭᠰᠡᠨ ᠡᠮᠢᠷᠠᠲ ᠤᠯᠤᠰ  ᠲᠤ ᠵᠢᠦ᠋ᠳᠣ᠋ ᠪᠥᠬᠡ ᠶᠢᠨ 24 ᠳ᠋ᠡᠬᠢ ᠤᠳᠠᠭ᠎ᠠ ᠶᠢᠨ ᠠᠽᠢᠶ᠎ᠠ ᠲᠢᠪ ᠦᠨ ᠠᠪᠤᠷᠭᠤ ᠰᠢᠯᠭᠠᠷᠠᠭᠤᠯᠬᠤ ᠲᠡᠮᠡᠴᠡᠭᠡᠨ ᠦᠷᠭᠦᠯᠵᠢᠯᠡᠵᠦ ᠪᠠᠶᠢᠨ᠎ᠠ᠃

ᠥᠴᠥᠭᠡᠳᠦᠷ ᠡᠷᠡᠭᠲᠡᠶᠢᠴᠦᠳ ᠦᠨ 73 ᠺᠢᠯᠦᠭᠷᠡᠮ ᠦᠨ ᠵᠢᠩ ᠳᠦ 2016 ᠣᠨ ᠤ ᠠᠽᠢᠶ᠎ᠠ ᠶᠢᠨ ᠠᠪᠤᠷᠭᠤ ᠶᠢᠨ ᠬᠦᠷᠡᠯ ᠮᠸᠳᠠᠯᠲᠤ ᠂ 2018 ᠣᠨ ᠤ ᠶᠡᠬᠡ ᠳᠤᠭᠤᠯᠠᠭ᠎ᠠ ᠶᠢᠨ ᠠᠪᠤᠷᠭᠤ ᠼ∙ᠴᠣᠭᠲᠤᠪᠠᠭᠠᠲᠤᠷ ᠥᠷᠢᠰᠦᠯᠳᠦᠭᠴᠢ ᠪᠡᠨ ᠴᠡᠪᠡᠷ ᠢᠯᠠᠵᠤ᠂ ᠠᠪᠤᠷᠭᠤ ᠶᠢᠨ ᠠᠯᠲᠠᠨ ᠮᠧᠳᠠᠯ ᠤᠨ ᠡᠵᠡᠨ ᠪᠣᠯᠤᠯ᠎ᠠ᠃ ᠡᠳᠦᠭᠡ 21 ᠨᠠᠰᠤᠲᠠᠢ ᠲᠡᠷᠡ ᠪᠡᠷ ᠥᠩᠭᠡᠷᠡᠭᠰᠡᠨ ᠣᠨ ᠤ ᠳᠡᠯᠡᠬᠡᠢ ᠶᠢᠨ ᠠᠪᠤᠷᠭᠤ᠂  ᠪᠦᠭᠦᠳᠡ ᠨᠠᠶᠢᠷᠠᠮᠳᠠᠬᠤ ᠰᠤᠯᠤᠩᠭᠤᠰ ᠤᠯᠤᠰ᠍ ᠤᠨ ᠲᠠᠮᠢᠷᠴᠢᠨ ᠠᠨ ᠴᠠᠨ ᠷᠢᠮ ᠢ ᠢᠯᠠᠵᠤ᠂ ᠥᠪᠡᠷ ᠦᠨ ᠠᠮᠵᠢᠯᠲᠠ ᠶᠢᠨ ᠨᠠᠮᠲᠠᠷ ᠢᠶᠠᠨ ᠪᠠᠶᠠᠵᠢᠭᠤᠯᠤᠭᠰᠠᠨ ᠶᠤᠮ᠃

ᠰᠡᠳᠬᠢᠭᠳᠡᠯ ᠦᠯᠡᠳᠡᠭᠡᠬᠦ