ᠨᠢᠳᠦᠨ ᠦ ᠪᠣᠯᠣᠷ ᠰᠣᠯᠢᠭᠤᠯᠬᠤ ᠬᠠᠭᠠᠯᠭᠠᠨ ᠳᠤ 56 ᠢᠷᠭᠡᠨ ᠣᠷᠣᠯ᠎ᠠ | News.MN

ᠨᠢᠳᠦᠨ ᠦ ᠪᠣᠯᠣᠷ ᠰᠣᠯᠢᠭᠤᠯᠬᠤ ᠬᠠᠭᠠᠯᠭᠠᠨ ᠳᠤ 56 ᠢᠷᠭᠡᠨ ᠣᠷᠣᠯ᠎ᠠ

ᠳᠣᠷᠣᠨᠠᠲᠤ ᠠᠶᠢᠮᠠᠭ ᠤᠨ ᠤᠯᠠᠭᠠᠨ ᠵᠠᠭᠠᠯᠮᠠᠢ ᠶᠢᠨ ᠬᠣᠷᠢᠶ᠎ᠠ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠬᠥᠯᠦᠨ ᠪᠤᠶᠢᠷ ᠠᠶᠢᠮᠠᠭ ᠤᠨ ᠤᠯᠠᠭᠠᠨ ᠵᠠᠭᠠᠯᠮᠠᠢ ᠶᠢᠨ ᠬᠣᠷᠢᠶ᠎ᠠ ᠲᠠᠢ ᠬᠠᠮᠲᠤᠷᠠᠨ ᠨᠢᠳᠦᠨ ᠦ ᠪᠣᠯᠣᠷ ᠰᠠᠭᠤᠯᠭᠠᠬᠤ ︽ᠭᠡᠭᠡᠨ ᠵᠠᠮ︾ ᠲᠥᠰᠥᠯ ᠢ ᠬᠡᠷᠡᠭᠵᠢᠭᠦᠯᠵᠦ ᠪᠠᠶᠢᠨ᠎ᠠ᠃ ᠲᠥᠰᠥᠯ ᠦᠨ ᠬᠦᠷᠢᠶᠡᠨ ᠳᠦ ᠳᠣᠷᠣᠨᠠᠲᠤ᠂ ᠬᠡᠨᠲᠡᠢ᠂ ᠰᠡᠯᠡᠩᠭᠡ᠂ ᠳᠠᠷᠬᠠᠨ-ᠠᠭᠤᠯᠠ ᠠᠶᠢᠮᠠᠭ ᠤᠨ 56 ᠢᠷᠭᠡᠨ ᠨᠢᠳᠦᠨ ᠦ ᠪᠣᠯᠣᠷ ᠰᠠᠭᠤᠯᠭᠠᠬᠤ ᠬᠠᠭᠠᠯᠭᠠᠨ ᠳᠤ ᠠᠮᠵᠢᠯᠲᠠ ᠲᠠᠢ ᠣᠷᠣᠭᠠᠳ ᠢᠷᠡᠯ᠎ᠡ᠃
ᠮᠡᠰᠡ ᠵᠠᠰᠠᠯ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠬᠥᠯᠦᠨ ᠪᠤᠶᠢᠷ ᠠᠶᠢᠮᠠᠭ ᠤᠨ ᠰᠢᠨ᠎ᠡ ᠪᠠᠷᠭᠤ ᠪᠠᠷᠠᠭᠤᠨ ᠬᠣᠰᠢᠭᠤᠨ ᠤ ᠠᠯᠲᠠᠨ-ᠡᠮᠡᠭᠡᠯ  ᠬᠤᠲᠠ ᠳᠤ 3 ᠡᠳᠦᠷ ᠦᠨ ᠲᠤᠷᠰᠢ ᠦᠷᠭᠦᠯᠵᠢᠯᠡᠭᠰᠡᠨ ᠶᠤᠮ᠃ ᠬᠠᠷᠠᠭᠠᠨ ᠤ ᠪᠡᠷᠬᠡᠰᠢᠶᠡᠯ ᠲᠡᠢ ᠣᠯᠠᠨ ᠢᠷᠭᠡᠨ ᠳᠦ ᠶᠢᠷᠲᠢᠨᠴᠦ ᠶᠢ ᠬᠠᠷᠠᠬᠤ ᠭᠡᠷᠡᠯ ᠭᠡᠭᠡ ᠪᠡᠯᠡᠭᠯᠡᠵᠦ ᠪᠠᠶᠢᠭ᠎ᠠ ᠡᠨᠡᠬᠦ ᠬᠦᠮᠦᠯᠢᠭ ᠦᠨ ᠦᠢᠯᠡᠰ ᠨᠢ 5 ᠵᠢᠯ ᠦᠨ ᠬᠤᠭᠤᠴᠠᠭᠠᠨ ᠳᠤ ᠦᠷᠭᠦᠯᠵᠢᠯᠡᠬᠦ ᠶᠤᠮ᠃ ᠲᠠᠪᠤᠨ ᠵᠢᠯ ᠦᠨ ᠬᠤᠭᠤᠴᠠᠭᠠᠨ ᠳᠤ ᠨᠢᠳᠦᠨ ᠦ ᠪᠣᠯᠣᠷ ᠤᠨ ᠴᠠᠶᠢᠷᠠᠯᠲᠠ ᠲᠠᠢ 500 ᠡᠪᠡᠳᠴᠢᠲᠡᠨ ᠳᠦ ᠦᠨ᠎ᠡ ᠲᠥᠯᠦᠪᠦᠷᠢ ᠦᠭᠡᠢ ᠮᠡᠰᠡ ᠵᠠᠰᠠᠯ ᠬᠢᠬᠦ ᠪᠡᠷ ᠲᠥᠯᠥᠪᠯᠡᠵᠡᠢ᠃

ᠰᠡᠳᠬᠢᠭᠳᠡᠯ ᠦᠯᠡᠳᠡᠭᠡᠬᠦ