ᠴᠠᠬᠢᠮ ᠬᠠᠯᠳᠠᠯᠭ᠎ᠠ ᠲᠠᠢ ᠲᠡᠮᠡᠴᠡᠬᠦ ᠦᠨᠳᠦᠰᠦᠨ ᠦ ᠲᠥᠪ ᠪᠠᠶᠢᠭᠤᠯᠤᠨ᠎ᠠ | News.MN

ᠴᠠᠬᠢᠮ ᠬᠠᠯᠳᠠᠯᠭ᠎ᠠ ᠲᠠᠢ ᠲᠡᠮᠡᠴᠡᠬᠦ ᠦᠨᠳᠦᠰᠦᠨ ᠦ ᠲᠥᠪ ᠪᠠᠶᠢᠭᠤᠯᠤᠨ᠎ᠠ

ᠤᠯᠤᠰ ᠤᠨ ᠶᠡᠬᠡ ᠬᠤᠷᠠᠯ ᠤᠨ ᠡᠳ᠋  ᠦᠨ ᠵᠠᠰᠠᠭ ᠤᠨ ᠪᠠᠶᠢᠩᠭᠤ ᠶᠢᠨ ᠬᠣᠷᠢᠶᠠᠨ ᠤ ᠥᠨᠥᠳᠥᠷ ᠦᠨ ᠬᠤᠷᠠᠯᠳᠤᠭᠠᠨ ᠢᠶᠠᠷ ᠬᠠᠷᠢᠯᠴᠠᠭ᠎ᠠ ᠬᠣᠯᠪᠣᠭᠠᠨ ᠤ ᠲᠤᠬᠠᠢ᠂ ᠷᠠᠳᠢᠣ᠋ ᠳᠣᠯᠭᠢᠶᠠᠨ ᠤ ᠲᠤᠬᠠᠢ᠂  ᠰᠢᠤᠳᠠᠨ ᠤ ᠲᠤᠬᠠᠢ ᠬᠠᠤᠯᠢ ᠳᠤ ᠨᠡᠮᠡᠯᠲᠡ ᠥᠭᠡᠷᠡᠴᠢᠯᠡᠯᠲᠡ ᠤᠷᠤᠭᠤᠯᠬᠤ ᠲᠤᠬᠠᠢ ᠬᠠᠤᠯᠢ ᠶᠢᠨ ᠲᠥᠰᠥᠯ ᠦᠨ ᠠᠩᠬᠠᠨ ᠤ ᠬᠡᠯᠡᠯᠴᠡᠭᠦᠯᠭᠡ ᠶᠢ ᠬᠢᠪᠡ ᠃ ︽ᠬᠠᠷᠢᠯᠴᠠᠭ᠎ᠠ ᠬᠣᠯᠪᠣᠭᠠᠨ ᠤ ᠲᠤᠬᠠᠢ︾ ᠬᠠᠤᠯᠢ ᠳᠤ ᠨᠡᠮᠡᠯᠲᠡ ᠥᠭᠡᠷᠡᠴᠢᠯᠡᠯᠲᠡ ᠤᠷᠤᠭᠤᠯᠬᠤ ᠲᠤᠬᠠᠢ ᠬᠠᠤᠯᠢ ᠶᠢᠨ ᠲᠥᠰᠥᠯ ᠳᠦ ᠲᠥᠷᠥ ᠶᠢᠨ ᠪᠣᠳᠣᠯᠭ᠎ᠠ᠂ ᠵᠣᠬᠢᠴᠠᠭᠤᠯᠤᠯᠲᠠ ᠶᠢᠨ ᠴᠢᠭ ᠡᠭᠦᠷᠭᠡ ᠶᠢᠨ ᠢᠯᠭᠠᠭ᠎ᠠ ᠵᠠᠭᠠᠭ ᠢ ᠲᠣᠳᠣᠷᠬᠠᠢ ᠪᠣᠯᠭᠠᠨ᠂ ᠰᠠᠯᠪᠤᠷᠢ ᠶᠢᠨ ᠦᠷ᠎ᠡ ᠠᠰᠢᠭ ᠲᠠᠢ ᠰᠢᠳᠤᠷᠭᠤ ᠥᠷᠢᠰᠦᠯᠳᠦᠭᠡᠨ ᠢ ᠳᠡᠮᠵᠢᠬᠦ ᠪᠣᠳᠣᠯᠭ᠎ᠠ ᠵᠣᠬᠢᠴᠠᠭᠤᠯᠤᠯᠲᠠ ᠶᠢ ᠬᠥᠭᠵᠢᠯ ᠦᠨ ᠰᠢᠨ᠎ᠡ ᠱᠠᠲᠤᠨ ᠤ ᠵᠣᠷᠢᠯᠭ᠎ᠠ ᠵᠣᠷᠢᠯᠲᠠ ᠨᠤᠭᠤᠳ ᠲᠤ ᠨᠡᠶᠢᠴᠡᠭᠦᠯᠦᠨ ᠰᠠᠶᠢᠵᠢᠷᠠᠭᠤᠯᠬᠤ ᠠᠰᠠᠭᠤᠳᠠᠯ ᠢ ᠲᠤᠰᠬᠠᠵᠠᠢ᠃
︽ᠷᠠᠳᠢᠣ᠋ ᠳᠣᠯᠭᠢᠶᠠᠨ ᠤ ᠲᠤᠬᠠᠢ︾ ᠬᠠᠤᠯᠢ ᠳᠤ ᠬᠦᠮᠦᠨ ᠦ ᠡᠷᠡᠭᠦᠯ ᠮᠡᠨᠳᠦ᠂  ᠬᠦᠷᠢᠶᠡᠯᠡᠨ ᠪᠤᠢ ᠤᠷᠴᠢᠨ ᠳᠤ ᠷᠠᠳᠢᠣ᠋ ᠳᠣᠯᠭᠢᠶᠠᠨ ᠤ ᠦᠵᠡᠭᠦᠯᠬᠦ ᠰᠥᠷᠭᠦ ᠨᠥᠯᠥᠭᠡᠯᠡᠯ ᠢ ᠬᠢᠵᠠᠭᠠᠷᠯᠠᠬᠤ᠂ ᠷᠠᠳᠢᠣ᠋ ᠳᠠᠪᠲᠠᠮᠵᠢ ᠶᠢᠨ ᠠᠰᠢᠭᠯᠠᠬᠤ ᠡᠳ᠋ ᠍ ᠦᠨ ᠵᠠᠰᠠᠭ ᠤᠨ ᠦᠷ᠎ᠡ ᠦᠭᠭᠦᠭᠡᠵᠢ ᠶᠢ ᠨᠡᠮᠡᠬᠦ᠂ ᠨᠡᠷ᠎ᠡ ᠲᠣᠮᠢᠶ᠎ᠠ ᠶᠢ ᠣᠯᠠᠨ ᠤᠯᠤᠰ ᠤᠨ ᠭᠡᠷ᠎ᠡ᠂  ᠺᠤᠨᠸᠸᠨᠼ᠂ ᠳᠡᠯᠡᠬᠡᠢ ᠶᠢᠨ ᠷᠠᠳᠢᠣ᠋ ᠬᠣᠯᠪᠣᠭᠠᠨ ᠤ ᠳᠦᠷᠢᠮ ᠲᠡᠢ ᠨᠡᠶᠢᠴᠡᠭᠦᠯᠬᠦ ᠵᠢᠭᠠᠯᠲᠠ ᠲᠤᠰᠬᠠᠭᠰᠠᠨ ᠪᠠᠶᠢᠨ᠎ᠠ᠃ ︽ᠰᠢᠤᠳᠠᠨ ᠤ ᠲᠤᠬᠠᠢ︾ ᠬᠠᠤᠯᠢ ᠳᠤ ᠨᠡᠮᠡᠯᠲᠡ᠂ ᠥᠭᠡᠷᠡᠴᠢᠯᠡᠯᠲᠡ ᠤᠷᠤᠭᠤᠯᠬᠤ ᠲᠤᠬᠠᠢ ᠬᠠᠤᠯᠢ ᠶᠢᠨ ᠲᠥᠰᠥᠯ ᠳᠦ  ᠰᠢᠤᠳᠠᠨ ᠤ ᠦᠨᠳᠦᠰᠦᠨ ᠰᠦᠯᠵᠢᠶᠡᠨ ᠦ ᠲᠣᠳᠣᠷᠬᠠᠶᠢᠯᠠᠯᠲᠠ᠂ ᠡᠵᠡᠮᠰᠢᠭᠴᠢ ᠶᠢᠨ ᠰᠲ᠋ᠠᠲ᠋ᠦ᠋ᠰ ᠢ ᠣᠯᠠᠨ ᠤᠯᠤᠰ ᠤᠨ ᠵᠢᠱᠢᠭ ᠲᠦ ᠨᠡᠶᠢᠴᠡᠭᠦᠯᠦᠨ ᠲᠣᠳᠣᠷᠬᠠᠶᠢᠯᠠᠬᠤ᠂  ᠰᠢᠤᠳᠠᠨ ᠤ ᠨᠢᠭᠡᠳᠦᠭᠰᠡᠨ ᠺᠣᠳ᠋ ᠍ ᠤᠨ ᠲᠣᠳᠣᠷᠬᠠᠶᠢᠯᠠᠯᠲᠠ᠂ ᠬᠦᠷᠭᠡᠯᠲᠡ ᠶᠢᠨ ᠳᠠᠪᠲᠠᠮᠵᠢ᠂ ᠴᠢᠭᠯᠡᠯ ᠪᠣᠯᠤᠨ ᠬᠤᠭᠤᠴᠠᠭ᠎ᠠ ᠶᠢ ᠳᠡᠯᠡᠬᠡᠢ ᠶᠢᠨ ᠵᠢᠱᠢᠭ ᠲᠦ ᠨᠡᠶᠢᠴᠡᠭᠦᠯᠬᠦ ᠵᠢᠭᠠᠯᠲᠠ ᠲᠤᠰᠬᠠᠭᠰᠠᠨ ᠪᠠᠶᠢᠨ᠎ᠠ᠃
ᠬᠠᠤᠯᠢ ᠶᠢᠨ ᠲᠥᠰᠥᠯ ᠦᠨ ᠬᠡᠯᠡᠯᠴᠡᠭᠦᠯᠭᠡ ᠶᠢᠨ ᠦᠶ᠎ᠡ ᠪᠡᠷ ᠤᠯᠤᠰ ᠤᠨ ᠶᠡᠬᠡ ᠬᠤᠷᠠᠯ ᠤᠨ ᠭᠡᠰᠢᠭᠦᠳ ︽ᠮᠡᠳᠡᠭᠡᠯᠡᠯ ᠦᠨ  ᠠᠶᠦᠯᠭᠦᠢ ᠪᠠᠶᠢᠳᠠᠯ ᠤᠨ ᠲᠤᠬᠠᠢ︾ ᠬᠠᠤᠯᠢ ᠶᠢᠨ ᠲᠥᠰᠥᠯ ᠢ ᠡᠷᠭᠦᠨ ᠮᠡᠳᠡᠭᠦᠯᠬᠦ ᠡᠰᠡᠬᠦ ᠶᠢ ᠲᠣᠳᠣᠷᠠᠭᠤᠯᠵᠤ ᠪᠠᠶᠢᠪᠠ᠃ ᠮᠥᠨ ᠪᠤᠰᠤᠳ ᠤᠯᠤᠰ ᠲᠤ ᠴᠠᠬᠢᠮ ᠤᠷᠴᠢᠨ ᠳᠤ  ᠬᠠᠶ᠋ᠢᠭ ᠨᠡᠭᠡᠭᠡᠬᠦ ᠳᠦ ᠪᠡᠨ ᠥᠪᠡᠷ ᠦᠨ ᠷᠧᠭᠢᠰᠲ᠋ᠧᠷ ᠦᠨ ᠳ᠋ᠤᠭᠠᠷ ᠢ ᠣᠷᠣᠭᠤᠯᠳᠠᠭ ᠪᠠᠶᠢᠬᠤ ᠵᠣᠬᠢᠴᠠᠭᠤᠯᠤᠯᠲᠠ ᠬᠢᠭᠰᠡᠨ ᠪᠥᠭᠡᠳ ︽ᠬᠠᠷᠢᠯᠴᠠᠭ᠎ᠠ ᠬᠣᠯᠪᠣᠭᠠᠨ ᠤ ᠲᠤᠬᠠᠢ︾ ᠬᠠᠤᠯᠢ ᠶᠢᠨ ᠲᠥᠰᠥᠯ ᠳᠦ ᠡᠨᠡᠬᠦ ᠵᠢᠭᠠᠯᠲᠠ ᠶᠢ ᠲᠤᠰᠬᠠᠭᠰᠠᠨ ᠡᠰᠡᠬᠦ᠂ ᠬᠠᠭᠤᠷᠠᠮᠴᠢ  ᠬᠠᠶ᠋ᠢᠭ ᠠᠰᠢᠭᠯᠠᠨ ᠪᠤᠰᠤᠳ ᠢ ᠭᠦᠳᠬᠡᠵᠦ ᠳᠣᠷᠣᠮᠵᠢᠯᠠᠭᠰᠠᠨ ᠡᠲᠡᠭᠡᠳ ᠲᠦ ᠬᠠᠷᠢᠭᠤᠴᠠᠯᠭ᠎ᠠ ᠲᠤᠭᠠᠴᠢᠬᠤ ᠵᠢᠭᠠᠯᠲᠠ ᠲᠤᠰᠬᠠᠭᠰᠠᠨ ᠡᠰᠡᠬᠦ ᠶᠢ ᠲᠣᠳᠣᠷᠠᠭᠤᠯᠵᠤ ᠪᠠᠶᠢᠯ᠎ᠠ᠃  ᠬᠤᠯᠪᠤᠭᠳᠠᠬᠤ ᠠᠯᠪᠠᠨ ᠤ ᠬᠢᠨ ︽ᠴᠠᠬᠢᠮ ᠮᠡᠳᠡᠭᠡᠯᠡᠯ ᠦᠨ  ᠠᠶᠤᠯᠭᠦᠢ ᠪᠠᠶᠢᠳᠠᠯ ᠤᠨ ᠲᠤᠬᠠᠢ︾ ᠬᠠᠤᠯᠢ ᠶᠢᠨ ᠲᠥᠰᠥᠯ ᠢ ᠪᠣᠯᠪᠠᠰᠤᠷᠠᠭᠤᠯᠵᠤ᠂ ᠶᠠᠮᠤᠳ ᠤᠨ ᠰᠠᠨᠠᠯ ᠢ ᠲᠤᠰᠬᠠᠬᠤ ᠪᠠᠷ ᠠᠵᠢᠯᠯᠠᠵᠤ ᠪᠠᠶᠢᠭ᠎ᠠ  ᠶᠤᠮ ᠪᠠᠶᠢᠨ᠎ᠠ᠃ ᠤᠭ ᠬᠠᠤᠯᠢ ᠶᠢᠨ ᠲᠥᠰᠥᠯ ᠳᠦ ᠴᠠᠬᠢᠮ ᠬᠠᠯᠳᠠᠯᠭ᠎ᠠ ᠲᠠᠢ ᠲᠡᠮᠡᠴᠡᠬᠦ ᠦᠨᠳᠦᠰᠦᠨ ᠦ ᠲᠥᠪ ᠪᠠᠶᠢᠭᠤᠯᠬᠤ ᠲᠠᠯ᠎ᠠ ᠪᠠᠷ ᠲᠤᠰᠬᠠᠭᠰᠠᠨ ᠪᠠᠶᠢᠨ᠎ᠠ᠃ ᠮᠥᠨ ᠠᠵᠢᠯ ᠤᠨ ᠪᠠᠭ ᠤᠨ ᠭᠡᠰᠢᠭᠦᠳ Facebook ᠺᠣᠮᠫᠠᠨᠢ ᠶᠢᠨ ᠤᠳᠤᠷᠢᠳᠤᠯᠭ᠎ᠠ   ᠨᠠᠷ ᠲᠠᠢ ᠬᠡᠳᠦ ᠬᠡᠳᠦᠨ ᠤᠳᠠᠭ᠎ᠠ ᠠᠭᠤᠯᠵᠠᠵᠤ᠂ ᠴᠠᠬᠢᠮ ᠰᠦᠯᠵᠢᠶ᠎ᠡ ᠪᠡᠷ ᠪᠤᠰᠤᠳ ᠢ ᠭᠦᠳᠬᠡᠨ ᠳᠣᠷᠣᠮᠵᠢᠯᠠᠭᠰᠠᠨ ᠢᠷᠭᠡᠨ ᠦ ᠰᠢᠨᠵᠢᠲᠡᠢ ᠵᠥᠷᠢᠴᠡᠯ ᠢ ᠢᠯᠡᠷᠡᠭᠦᠯᠬᠦ ᠳᠦ ᠬᠠᠮᠲᠤᠷᠠᠨ ᠠᠵᠢᠯᠯᠠᠬᠤ ᠪᠣᠯᠵᠠᠢ᠃

ᠰᠡᠳᠬᠢᠭᠳᠡᠯ ᠦᠯᠡᠳᠡᠭᠡᠬᠦ