︽ᠤᠯᠠᠭᠠᠨᠪᠠᠭᠠᠲᠤᠷᠴᠤᠳ ᠤᠩᠰᠢᠵᠤ ᠪᠠᠶᠢᠨ᠎ᠠ ︾ ᠡᠳᠦᠷᠯᠢᠭ  ᠪᠤᠯᠪᠠ | News.MN

 ︽ᠤᠯᠠᠭᠠᠨᠪᠠᠭᠠᠲᠤᠷᠴᠤᠳ ᠤᠩᠰᠢᠵᠤ ᠪᠠᠶᠢᠨ᠎ᠠ ︾ ᠡᠳᠦᠷᠯᠢᠭ  ᠪᠤᠯᠪᠠ

ᠨᠡᠶᠢᠰᠯᠡᠯ ᠦᠨ ᠵᠠᠰᠠᠭ ᠳᠠᠷᠤᠭ᠎ᠠ ᠪᠥᠭᠡᠳ ᠤᠯᠠᠭᠠᠨᠪᠠᠭᠠᠲᠤᠷ ᠬᠣᠲᠠ ᠶᠢᠨ ᠵᠠᠬᠢᠷᠤᠭᠴᠢ ᠰ ∙ ᠠᠮᠤᠷᠰᠠᠶᠢᠬᠠᠨ ᠳ∙ᠨᠠᠴᠤᠭᠳᠣᠷᠵᠢ ᠶᠢᠨ ᠨᠡᠷᠡᠮᠵᠢᠲᠦ ᠤᠯᠠᠭᠠᠨᠪᠠᠭᠠᠲᠤᠷ ᠬᠣᠲᠠ ᠶᠢᠨ ᠨᠡᠶᠢᠲᠡ ᠶᠢᠨ ᠲᠥᠪ ᠨᠣᠮ ᠤᠨ ᠰᠠᠩ ᠤᠨ ᠠᠵᠢᠯ ᠲᠠᠢ ᠲᠠᠨᠢᠯᠴᠠᠵᠤ᠂ ︽ᠳᠡᠯᠡᠬᠡᠢ ᠶᠢᠨ ᠨᠣᠮ ᠤᠨ ᠡᠳᠦᠷ-ᠤᠯᠠᠭᠠᠨᠪᠠᠭᠠᠲᠤᠷᠴᠤᠳ ᠤᠩᠰᠢᠵᠤ ᠪᠠᠶᠢᠨ᠎ᠠ︾ ᠡᠳᠦᠷᠯᠢᠭ ᠢ ᠨᠡᠭᠡᠭᠡᠬᠦ ᠳᠦ ᠣᠷᠣᠯᠴᠠᠯ᠎ᠠ᠃
ᠳ∙ᠨᠠᠴᠤᠭᠳᠣᠷᠵᠢ ᠶᠢᠨ ᠨᠣᠮ ᠤᠨ ᠰᠠᠩ ᠳᠤ  ︽ᠨᠣᠮ ᠤᠨ ᠬᠢᠮᠳᠠᠷᠠᠯ ᠲᠠᠢ ᠬᠤᠳᠠᠯᠳᠤᠭ᠎ᠠ︾᠂  ︽ᠬᠣᠪᠣᠷ ᠨᠣᠮ ᠤᠨ ᠦᠵᠡᠰᠬᠦᠯᠡᠩ ︾᠂ ︽ᠨᠣᠮ ᠤᠨ ᠰᠠᠩ ᠤᠨ ᠪᠦᠲᠦᠭᠡᠯᠴᠢ ᠣᠷᠣᠨ ᠵᠠᠢ ᠪᠤᠶᠤ ᠴᠠᠬᠢᠮ ᠨᠣᠮ ᠤᠨ ᠰᠠᠩ︾᠂ ᠨᠣᠮ ᠵᠠᠰᠠᠪᠤᠷᠢᠯᠠᠬᠤ᠂ daisy ᠨᠣᠮ ᠤᠨ ᠦᠢᠯᠡᠴᠢᠯᠡᠭᠡ ᠵᠡᠷᠭᠡ ᠣᠯᠠᠨ ᠲᠥᠷᠥᠯ ᠦᠨ ᠦᠢᠯᠡᠴᠢᠯᠡᠭᠡ ᠪᠣᠯᠵᠤ ᠪᠠᠶᠢᠨ᠎ᠠ᠃ ᠮᠥᠨ ᠮᠤᠩᠭᠤᠯ ᠤᠨ ᠵᠤᠬᠢᠶᠠᠯᠴᠢᠳ ᠤᠨ ᠡᠪᠯᠡᠯ ᠍ ᠲᠡᠢ ᠬᠠᠮᠲᠤᠷᠠᠨ ︽ᠶᠡᠬᠡ ᠬᠣᠲᠠ ᠶᠢᠨ ᠤᠩᠰᠢᠯᠭ᠎ᠠ︾ ᠢᠷᠠᠭᠤ ᠨᠠᠶᠢᠷᠠᠭᠴᠢᠳ ᠤᠨ ᠰᠢᠯᠦᠭ ᠤᠩᠰᠢᠯᠭ᠎ᠠ᠂ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠶᠢᠨ ᠰᠤᠷᠤᠭᠴᠢᠳ ᠤᠨ  ︽ᠰᠢᠯᠢᠳᠡᠭ ᠰᠢᠯᠦᠭ ᠦᠨ ᠤᠷᠠᠨ ᠤᠩᠰᠢᠯᠭ᠎ᠠ︾ ᠵᠣᠬᠢᠶᠠᠭᠳᠠᠯ᠎ᠠ᠃

ᠲ∙ᠭᠠᠯᠰᠠᠩ᠂ ᠱ∙ᠳᠤᠯᠮ᠎ᠠ᠂ ᠭ∙ᠠᠺᠢᠮ᠂ ᠳ∙ᠵᠠᠮᠢᠶᠠᠨ᠂ ᠵ∙ᠨᠡᠷᠡᠭᠦᠢ ᠂ ᠯ∙ᠮᠢᠭᠮᠠᠷᠰᠦ᠋ᠷᠦᠩ᠂ ᠼ∙ᠪᠤᠶᠠᠨᠵᠠᠶᠠᠭ᠎ᠠ᠂  ᠳ᠋ᠠᠨᠽᠠᠨ ᠤ ᠨᠢᠮ᠎ᠠ᠂ ᠳ∙ᠡᠩᠬᠡᠪᠣᠯᠤᠳ᠂ ᠪ∙ᠰᠠᠷᠠᠨᠲᠤᠶᠠᠭ᠎ᠠ᠂ ᠣᠷᠴᠢᠭᠤᠯᠤᠭᠴᠢ ᠵ∙ᠣᠳᠬᠣᠨᠰᠦ᠋ᠷᠦᠩ᠂ ᠵᠠᠯᠠᠭᠤ ᠢᠷᠠᠭᠤ ᠨᠠᠶᠢᠷᠠᠭᠴᠢ ᠫ∙ᠤᠳᠤᠭᠡᠷᠡᠯ ᠨᠠᠷ ᠤᠨ ᠣᠯᠠᠨ ᠵᠣᠬᠢᠶᠠᠯᠴᠢ ᠰᠢᠨ᠎ᠡ ᠨᠣᠮ ᠪᠦᠲᠦᠭᠡᠯ ᠢᠶᠡᠨ ᠬᠤᠳᠠᠯᠳᠤᠵᠤ ᠠᠪᠤᠭᠰᠠᠨ ᠬᠦᠮᠦᠰ ᠲᠦ ᠭᠠᠷ ᠤᠨ ᠦᠰᠦᠭ ᠢᠶᠡᠨ ᠵᠢᠷᠤᠵᠤ ᠥᠭᠴᠦ᠂ ᠴᠤᠭ ᠲᠤ ᠪᠠᠨ ᠳᠤᠷᠠᠰᠬᠠᠯ ᠤᠨ ᠵᠢᠷᠤᠭ ᠲᠠᠲᠠᠭᠤᠯᠵᠤ ᠪᠠᠶᠢᠪᠠ᠃

ᠰᠡᠳᠬᠢᠭᠳᠡᠯ ᠦᠯᠡᠳᠡᠭᠡᠬᠦ