ᠬᠦᠨᠡᠰᠦᠨ ᠦ ᠨᠤᠭᠤᠭᠠᠨ ᠤ ᠬᠦᠯᠡᠮᠵᠢ ᠲᠠᠢ ᠪᠤᠯᠤᠯ᠎ᠠ | News.MN

ᠬᠦᠨᠡᠰᠦᠨ ᠦ ᠨᠤᠭᠤᠭᠠᠨ ᠤ ᠬᠦᠯᠡᠮᠵᠢ ᠲᠠᠢ ᠪᠤᠯᠤᠯ᠎ᠠ

︽ᠡᠷᠦᠬᠡ ᠪᠦᠷᠢ ᠦᠢᠯᠡᠳᠪᠦᠷᠢᠯᠡᠭᠴᠢ︾ ᠠᠷᠤᠬᠠᠩᠭᠠᠢ ᠠᠶᠢᠮᠠᠭ ᠤᠨ ᠳᠡᠳ᠋ ᠬᠦᠲᠦᠯᠪᠦᠷᠢ ᠶᠢᠨ ᠬᠦᠷᠢᠶᠡᠨ ᠳᠦ ᠡᠪᠤᠯ ᠵᠤᠨ ᠤ ᠬᠦᠯᠡᠮᠵᠢ ᠶᠢᠨ ᠴᠣᠭᠴᠠᠯᠠᠪᠤᠷᠢ ᠠᠵᠤ ᠠᠬᠤᠢ ᠶᠢᠨ ᠨᠡᠭᠡᠭᠡᠯᠲᠡ ᠥᠴᠥᠭᠡᠳᠦᠷ ᠪᠣᠯᠤᠯ᠎ᠠ᠃   ᠣᠷᠣᠨ ᠨᠤᠲᠤᠭ ᠤᠨ ᠦᠮᠴᠢᠲᠤ ᠲᠤᠰ ᠠᠵᠤ ᠠᠬᠤᠢ ᠳᠤ 20 ᠢᠷᠭᠡᠨ ᠦ ᠠᠵᠢᠯ ᠤᠨ ᠪᠠᠶᠢᠷᠢ  ᠰᠢᠨ᠎ᠡ ᠪᠡᠷ ᠪᠤᠢ ᠪᠣᠯᠭᠠᠵᠤ ᠪᠠᠶᠢᠭ᠎ᠠ ᠪᠠ ᠡᠳᠡᠭᠡᠷ ᠢᠷᠭᠡᠳ 240  ᠲᠡᠭᠰᠢ ᠳᠦᠷᠪᠡᠯᠵᠢᠨ ᠮᠸᠲᠷ ᠲᠠᠯᠠᠪᠠᠢ ᠪᠦᠬᠦᠢ ᠵᠤᠨ ᠤ ᠵᠢᠷᠭᠤᠭᠠᠨ ᠬᠦᠯᠡᠮᠵᠢ ᠳᠦ ᠥᠷᠭᠡᠰᠦᠲᠦ ᠬᠡᠮᠬᠡ᠂ ᠤᠯᠠᠭᠠᠨ ᠯᠣᠣᠯᠢ᠂  ᠰᠠᠯᠠᠲ ᠤᠨ  ᠴᠠᠭᠠᠨ ᠨᠤᠭᠤᠭ᠎ᠠ ᠂ ᠭᠦᠵᠡᠭᠡᠯᠵᠡᠭᠡᠨ᠎ᠡ᠂ ᠰᠣᠩᠭᠢᠨ᠎ᠠ᠂ ᠮᠠᠨᠵᠢᠨ᠂  ᠲᠦᠮᠦᠰᠦ᠂ ᠯᠤᠤᠪᠠᠩ ᠲᠠᠷᠢᠬᠤ ᠶᠤᠮ᠃ ᠡᠳᠡᠭᠡᠷ ᠢᠷᠭᠡᠳ ᠣᠯᠤᠭᠰᠠᠨ ᠠᠰᠢᠭ ᠢᠶᠠᠨ  ᠦᠪᠡᠷᠰᠡᠳ ᠢᠶᠡᠨ 100 ᠬᠤᠪᠢ  ᠬᠦᠷᠲᠡᠵᠦ᠂ ᠠᠶᠢᠮᠠᠭ ᠤᠨ ᠲᠥᠪ ᠦᠨ ᠢᠷᠭᠡᠳ ᠢ ᠣᠷᠭᠠᠨᠢᠭ ᠪᠦᠲᠦᠭᠡᠭᠳᠡᠬᠦᠨ ᠢᠶᠡᠷ ᠬᠠᠩᠭᠠᠬᠤ ᠶᠤᠮ᠃ ᠡᠨᠡᠬᠦ ᠭᠠᠵᠠᠷ᠂ ᠬᠦᠯᠡᠮᠵᠢ ᠶᠢ ᠲᠦᠷᠢᠶᠡᠰᠦ  ᠦᠭᠡᠢ ᠡᠵᠡᠮᠰᠢᠭᠦᠯᠵᠦ ᠪᠠᠶᠢᠭ᠎ᠠ ᠪᠠ ᠳᠡᠭᠡᠷ᠎ᠡ ᠨᠢ ᠠᠮᠠᠷᠠᠬᠤ ᠪᠠᠶᠢᠷᠢ ᠪᠤᠶᠤ ᠨᠢᠭᠡ ᠭᠡᠷ᠂ ᠭᠠᠷ ᠪᠠᠭᠠᠵᠢ᠂ ᠭᠠᠵᠠᠷ ᠬᠠᠭᠠᠯᠬᠤ ᠵᠢᠵᠢᠭ ᠣᠪᠣᠷ ᠤᠨ ᠲᠧᠭᠨᠢᠭ ᠢ ᠰᠢᠢᠳᠴᠦ  ᠦᠭᠬᠦ ᠪᠡᠷ ᠪᠣᠯᠤᠯ᠎ᠠ᠃
ᠡᠪᠦᠯ ᠦᠨ ᠬᠦᠯᠡᠮᠵᠢ ᠶᠢᠨ ᠲᠧᠨᠳᠧᠷ ᠢ ᠤᠳᠠᠬᠤ ᠦᠭᠡᠢ ᠵᠠᠷᠯᠠᠨ᠎ᠠ᠃ ᠡᠪᠦᠯ ᠦᠨ ᠬᠦᠯᠡᠮᠵᠢ ᠠᠰᠢᠭᠯᠠᠯᠲᠠ ᠳᠤ ᠣᠷᠣᠪᠠᠯ ᠳᠡᠭᠡᠷᠡᠬᠢ 20 ᠢᠷᠭᠡᠨ ᠵᠢᠯ ᠦᠨ 4 ᠤᠯᠠᠷᠢᠯ ᠳᠤ ᠬᠦᠨᠡᠰᠦᠨ ᠦ ᠨᠣᠭᠣᠭ᠎ᠠ ᠲᠠᠷᠢᠶᠠᠯᠠᠵᠤ᠂ ᠥᠪᠡᠷᠰᠡᠳ ᠢ ᠪᠡᠨ ᠠᠵᠢᠯ ᠲᠠᠢ ᠣᠷᠣᠯᠭ᠎ᠠ ᠲᠠᠢ ᠪᠣᠯᠭᠠᠬᠤ ᠪᠣᠯᠤᠮᠵᠢ ᠪᠥᠷᠢᠳᠴᠦ ᠪᠠᠶᠢᠭ᠎ᠠ ᠶᠤᠮ᠃ ᠠᠷᠤᠬᠠᠩᠭᠠᠢ ᠠᠶᠢᠮᠠᠭ  ︽ᠡᠷᠦᠬᠡ ᠪᠦᠷᠢ ᠦᠢᠯᠡᠳᠪᠦᠷᠢᠯᠡᠭᠴᠢ》 ᠳᠡᠳ᠋ ᠬᠥᠲᠥᠯᠪᠦᠷᠢ ᠶᠢ 2019 ᠣᠨ ᠳᠤ ᠬᠡᠷᠡᠭᠵᠢᠭᠦᠯᠬᠦ ᠳᠦ 250 ᠰᠠᠶ᠎ᠠ ᠲᠥᠭᠥᠷᠢᠭ ᠢ ᠲᠥᠰᠥᠪᠯᠡᠭᠰᠡᠨ ᠪᠠᠶᠢᠨ᠎ᠠ᠃

ᠰᠡᠳᠬᠢᠭᠳᠡᠯ ᠦᠯᠡᠳᠡᠭᠡᠬᠦ