ᠵᠠᠰᠠᠭ ᠤᠨ ᠭᠠᠵᠠᠷ ᠤᠨ ᠮᠥᠷ ᠦᠨ ᠬᠥᠲᠥᠯᠪᠦᠷᠢ 50.5  ᠬᠤᠪᠢ  ᠪᠠᠶᠡᠯᠡᠵᠡᠢ | News.MN

ᠵᠠᠰᠠᠭ ᠤᠨ ᠭᠠᠵᠠᠷ ᠤᠨ ᠮᠥᠷ ᠦᠨ ᠬᠥᠲᠥᠯᠪᠦᠷᠢ 50.5  ᠬᠤᠪᠢ  ᠪᠠᠶᠡᠯᠡᠵᠡᠢ

ᠤᠯᠤᠰ ᠤᠨ ᠶᠡᠬᠡ ᠬᠤᠷᠠᠯ ᠳ᠋ᠠᠬᠢ ᠮᠤᠩᠭᠤᠯ ᠠᠷᠠᠳ ᠤᠨ ᠨᠠᠮ ᠤᠨ ᠪᠦᠯᠦᠭ ᠦᠨ ᠥᠨᠥᠳᠥᠷ ᠦᠨ ᠬᠤᠷᠠᠯᠳᠤᠭᠠᠨ ᠢᠶᠠᠷ ᠵᠠᠰᠠᠭ ᠤᠨ ᠭᠠᠵᠠᠷ ᠤᠨ 2016-2020 ᠣᠨ ᠤ ᠮᠥᠷ ᠦᠨ ᠬᠥᠲᠦᠯᠪᠦᠷᠢ ᠶᠢᠨ ᠬᠡᠷᠡᠭᠵᠢᠯᠲᠡ ᠶᠢ ᠬᠡᠯᠡᠯᠴᠡᠭᠰᠡᠨ ᠪᠠᠶᠢᠨ᠎ᠠ᠃ ᠡᠨᠡ ᠲᠠᠯ᠎ᠠ ᠪᠠᠷ ᠮᠤᠩᠭᠤᠯ ᠠᠷᠠᠳ ᠤᠨ ᠨᠠᠮ ᠍ ᠤᠨ ᠪᠦᠯᠦᠭ ᠦᠨ ᠳᠠᠷᠤᠭ᠎ᠠ ᠳ∙ᠲᠣᠭᠲᠠᠬᠤᠰᠦ᠋ᠷᠦᠩ᠄ ᠵᠠᠰᠠᠭ ᠤᠨ ᠭᠠᠵᠠᠷ ᠠᠴᠠ ᠮᠥᠷ ᠦᠨ ᠬᠥᠲᠦᠯᠪᠦᠷᠢ ᠪᠡᠨ 50.5 ᠬᠤᠪᠢ ᠶᠢᠨ ᠪᠡᠶᠡᠯᠡᠯᠲᠡ ᠲᠡᠢ ᠪᠠᠶᠢᠨ᠎ᠠ ᠭᠡᠵᠦ ᠳ᠋ᠦᠩᠨᠡᠭᠰᠡᠨ ᠪᠠᠶᠢᠨ᠎ᠠ᠃ ᠮᠥᠷ ᠦᠨ ᠬᠥᠲᠦᠯᠪᠦᠷᠢ ᠶᠢᠨ ᠬᠡᠷᠡᠭᠵᠢᠯᠲᠡ ᠪᠡᠨ ᠲᠣᠳᠣᠷᠬᠠᠶᠢᠯᠠᠬᠤ ᠳᠤ ᠪᠠᠨ ᠠᠵᠢᠯ ᠨᠢ ᠡᠬᠢᠯᠡᠭᠰᠡᠨ ᠴᠤ ᠪᠥᠷᠢᠨ ᠳᠠᠭᠤᠰᠤᠭ᠎ᠠ ᠦᠭᠡᠢ ᠯᠠ ᠪᠣᠯ ᠬᠡᠷᠡᠭᠵᠢᠯᠲᠡ ᠶᠢ 0 ᠬᠤᠪᠢ ᠪᠠᠷ ᠳ᠋ᠦᠩᠨᠡᠭᠰᠡᠨ ᠪᠠᠶᠢᠭ᠎ᠠ ᠶᠤᠮ᠃ ᠴᠢᠨᠠᠭᠰᠢᠳᠠ ᠪᠠᠨ ᠨᠡᠶᠢᠰᠯᠡᠯ ᠦᠨ ᠠᠭᠠᠷ ᠤᠨ  ᠪᠤᠬᠢᠷᠳᠤᠯ᠂  ᠠᠦ᠋ᠲ᠋ᠤ᠋ ᠵᠠᠮ ᠤᠨ ᠲᠦᠭᠵᠢᠷᠡᠯ ᠢ ᠪᠠᠭᠤᠷᠠᠭᠤᠯᠬᠤ᠂ ᠲᠣᠮᠣᠬᠠᠨ ᠲᠥᠰᠥᠯ ᠦᠳ ᠢ ᠡᠬᠢᠯᠡᠭᠦᠯᠬᠦ᠂ ᠦᠨᠳᠦᠰᠦᠨ ᠬᠠᠤᠯᠢ ᠶᠢᠨ ᠨᠡᠮᠡᠯᠲᠡ ᠥᠭᠡᠷᠡᠴᠢᠯᠡᠯᠲᠡ ᠶᠢᠨ ᠲᠥᠰᠥᠯ ᠵᠡᠷᠭᠡ ᠣᠯᠠᠨ ᠠᠰᠠᠭᠤᠳᠠᠯ ᠳᠤ ᠠᠩᠬᠠᠷᠬᠤ ᠱᠠᠭᠠᠷᠳᠠᠯᠭ᠎ᠠ ᠲᠠᠢ ᠪᠠᠶᠢᠨ᠎ᠠ ᠭᠡᠯ᠎ᠡ᠃ ᠲᠡᠷᠡᠪᠡᠷ ᠮᠡᠳᠡᠭᠡᠯᠡᠯ ᠦᠨ ᠢᠶᠡᠨ ᠳᠠᠷᠠᠭ᠎ᠠ ᠰᠡᠳᠬᠦᠯᠴᠢᠳ ᠦᠨ ᠰᠣᠨᠢᠷᠬᠠᠭᠰᠠᠨ ᠠᠰᠠᠭᠤᠯᠲᠠ ᠳᠤ ᠬᠠᠷᠢᠭᠤᠯᠤᠯ᠎ᠠ᠃
– ᠦᠢᠯᠡᠳᠪᠦᠷᠢᠯᠡᠯ ᠦᠨ ᠣᠰᠣᠯ ᠢᠶᠠᠷ ᠬᠦᠮᠦᠨ ᠦ ᠠᠮᠢ ᠡᠷᠡᠰᠳᠡᠭᠰᠡᠨ ᠲᠣᠬᠢᠶᠠᠯᠳᠤᠯ ᠣᠯᠠᠨ ᠭᠠᠷᠤᠯ᠎ᠠ᠃ ᠡᠭᠦᠨ ᠳᠦ ᠪᠤᠷᠤᠭᠤᠲᠠᠢ ᠡᠲᠡᠭᠡᠳ  ᠲᠦ ᠬᠠᠷᠢᠭᠤᠴᠠᠯᠭ᠎ᠠ ᠲᠣᠭᠠᠴᠠᠬᠤ ᠠᠰᠠᠭᠤᠳᠠᠯ ᠶᠠᠭᠠᠬᠢᠭᠠᠳ ᠶᠠᠷᠢᠭᠳᠠᠬᠤ ᠦᠭᠡᠢ ᠪᠠᠶᠢᠨ᠎ᠠ ᠪᠤᠢ ︖
– ᠰᠡᠭᠦᠯ ᠦᠨ ᠦᠶ᠎ᠡ ᠳᠦ ᠭᠠᠷᠤᠭᠰᠠᠨ ᠬᠡᠷᠡᠭ ᠦᠳ ᠦᠨ ᠲᠠᠯ᠎ᠠ ᠪᠠᠷ ᠬᠣᠯᠪᠣᠭᠳᠠᠬᠤ ᠬᠠᠤᠯᠢ ᠬᠢᠨᠠᠯᠲᠠ ᠶᠢᠨ ᠪᠠᠶᠢᠭᠤᠯᠤᠯᠭ᠎ᠠ ᠨᠤᠭᠤᠳ ᠤᠨ ᠳ᠋ᠦᠩᠨᠡᠯᠲᠡ ᠭᠠᠷᠤᠭ᠎ᠠ ᠦᠭᠡᠢ ᠪᠠᠶᠢᠭ᠎ᠠ ᠲᠤᠯᠠ ᠬᠠᠷᠠᠬᠠᠨ ᠬᠠᠷᠢᠭᠤᠴᠠᠯᠭ᠎ᠠ ᠶᠢᠨ ᠠᠰᠠᠭᠤᠳᠠᠯ ᠶᠠᠷᠢᠭᠠᠳᠤᠢ ᠪᠠᠶᠢᠨ᠎ᠠ᠃ ᠬᠦᠮᠦᠨ ᠠᠮᠢ ᠡᠷᠡᠰᠳᠡᠭᠰᠡᠨ ᠬᠡᠷᠡᠭ ᠪᠦᠷᠢ ᠳᠦ ᠵᠠᠪᠠᠯ ᠬᠠᠷᠢᠭᠤᠴᠠᠯᠭ᠎ᠠ ᠲᠣᠭᠠᠴᠠᠬᠤ ᠶᠣᠰᠣᠲᠠᠢ᠃
– ᠵᠠᠰᠠᠭ ᠤᠨ ᠭᠠᠵᠠᠷ ᠤᠨ ᠮᠥᠷ ᠦᠨ ᠬᠥᠲᠥᠯᠪᠦᠷᠢ ᠶᠢ ᠪᠦᠷᠢᠨ ᠬᠡᠷᠡᠭᠵᠢᠭᠦᠯᠬᠦ ᠳᠦ ᠬᠡᠳᠦᠨ ᠲᠥᠭᠥᠷᠢᠭ ᠦᠨ ᠰᠠᠩᠬᠦᠵᠢᠯᠲᠡ ᠱᠠᠭᠠᠷᠳᠠᠯᠭ᠎ᠠ ᠲᠠᠢ ᠪᠤᠢ ︖
– ᠮᠥᠷ ᠦᠨ ᠬᠥᠲᠦᠯᠪᠦᠷᠢ ᠶᠢ 100 ᠬᠤᠪᠢ ᠬᠡᠷᠡᠭᠵᠢᠭᠦᠯᠬᠦ ᠳᠦ 21 ᠶᠡᠬᠡ ᠨᠠᠶᠤᠳ ᠲᠥᠭᠦᠷᠢᠭ ᠬᠡᠷᠡᠭᠲᠡᠢ᠃ ᠤᠯᠤᠰ ᠤᠨ ᠶᠡᠬᠡ ᠬᠤᠷᠠᠯ ᠪᠣᠯᠤᠨ ᠵᠠᠰᠠᠭ ᠤᠨ ᠭᠠᠵᠠᠷ ᠠᠴᠠ ᠦᠷᠢ ᠶᠢᠨ ᠬᠡᠮᠵᠢᠶ᠎ᠡ ᠶᠢ ᠪᠠᠭᠤᠷᠠᠭᠤᠯᠬᠤ ᠵᠣᠷᠢᠯᠲᠠ ᠲᠠᠯᠪᠢᠵᠤ ᠪᠠᠶᠢᠭ᠎ᠠ᠃ ᠲᠡᠶᠢᠮᠦ ᠡᠴᠡ ᠺᠤᠨᠴᠸᠰᠰ ᠤᠨ ᠭᠡᠷ᠎ᠡ ᠪᠠᠶᠢᠭᠤᠯᠬᠤ ᠦᠭᠡᠢ᠂ ᠭᠠᠳᠠᠭᠠᠳᠤ ᠠᠴᠠ ᠵᠢᠭᠡᠯᠡ ᠠᠪᠬᠤ ᠦᠭᠡᠢ ᠠᠵᠢᠯᠯᠠᠬᠤ ᠳᠤ 70-80 ᠬᠤᠪᠢ ᠬᠡᠷᠡᠭᠵᠢᠬᠦ ᠪᠣᠯᠤᠮᠵᠢ ᠲᠠᠢ᠃

ᠰᠡᠳᠬᠢᠭᠳᠡᠯ ᠦᠯᠡᠳᠡᠭᠡᠬᠦ