ᠬᠡᠦᠬᠡᠳ ᠦᠨ ᠢᠶᠡᠨ ᠲᠦᠷᠦᠭᠰᠡᠨ ᠡᠳᠦᠷ ᠢᠶᠡᠷ ᠴᠠᠯᠢᠩ ᠲᠠᠢ ᠴᠢᠯᠦᠭᠡ ᠠᠪᠤᠨ᠎ᠠ | News.MN

ᠬᠡᠦᠬᠡᠳ ᠦᠨ ᠢᠶᠡᠨ ᠲᠦᠷᠦᠭᠰᠡᠨ ᠡᠳᠦᠷ ᠢᠶᠡᠷ ᠴᠠᠯᠢᠩ ᠲᠠᠢ ᠴᠢᠯᠦᠭᠡ ᠠᠪᠤᠨ᠎ᠠ

ᠳᠣᠷᠣᠨᠠᠲᠤ ᠠᠶᠢᠮᠠᠭ ᠤᠨ ᠭᠡᠷ ᠪᠦᠯᠢ ᠬᠡᠦᠬᠡᠳ ᠵᠠᠯᠠᠭᠤᠴᠤᠳ ᠤᠨ ᠬᠥᠭᠵᠢᠯ ᠦᠨ ᠭᠠᠵᠠᠷ ᠠᠯᠪᠠᠨ ᠬᠠᠭᠠᠭᠴᠢᠳ ᠲᠤ ᠪᠠᠨ ᠬᠡᠦᠬᠡᠳ ᠦᠨ ᠬᠢᠨᠢ ᠲᠦᠷᠦᠭᠰᠡᠨ ᠡᠳᠦᠷ ᠢᠶᠡᠷ ᠴᠠᠯᠢᠩ ᠲᠠᠢ ᠴᠢᠯᠦᠭᠡ ᠣᠯᠭᠣᠬᠤ ᠲᠤᠰᠢᠶᠠᠯ ᠭᠠᠷᠭᠠᠵᠠᠢ᠃

ᠲᠤᠰ ᠭᠠᠵᠠᠷ ᠤᠨ ᠳᠠᠷᠤᠭ᠎ᠠ ᠡ᠊∙ᠵᠢᠪᠬᠤᠯᠠᠩ ᠄ ᠭᠡᠷ ᠪᠦᠯᠢ ᠪᠡᠨ ᠬᠠᠩᠭᠠᠯᠤᠭᠤᠨ ᠰᠠᠶᠢᠬᠠᠨ ᠠᠮᠢᠳᠤᠷᠠᠭᠤᠯᠬᠤ ᠶᠢᠨ ᠲᠤᠯᠠᠳᠠ ᠯᠠ ᠬᠦᠮᠦᠨ ᠠᠵᠢᠯ ᠬᠥᠳᠡᠯᠮᠦᠷᠢ ᠬᠢᠳᠡᠭ᠃ ᠭᠡᠲᠡᠯ᠎ᠡ ᠥᠨᠥᠳᠥᠷ ᠬᠡᠦᠬᠡᠳ᠂ ᠮᠥᠩᠭᠥ ᠬᠣᠶᠠᠷ ᠤᠨ ᠪᠠᠶᠢᠷᠢ ᠨᠢ ᠰᠣᠯᠢᠭᠳᠠᠴᠢᠬᠠᠵᠤ᠃ ᠪᠠᠶᠢᠷᠢ ᠨᠢ ᠰᠣᠯᠢᠭᠳᠠᠴᠢᠬᠠᠭᠰᠠᠨ ᠪᠣᠯᠬᠣᠷ ᠭᠡᠷ ᠪᠦᠯᠢ ᠳᠦ ᠪᠡᠨ ᠵᠠᠷᠤᠴᠠᠭᠤᠯᠵᠤ ᠪᠤᠢ ᠴᠠᠭ ᠬᠤᠭᠤᠴᠠᠭ᠎ᠠ ᠨᠢ ᠬᠣᠮᠰᠠᠳᠠᠵᠤ᠂ ᠭᠡᠷ ᠪᠦᠯᠢ ᠶᠢᠨ ᠠᠭᠤᠷ ᠠᠮᠢᠰᠬᠤᠯ ᠬᠦᠨᠳᠡᠶᠢᠷᠡᠵᠦ ᠡᠬᠢᠯᠡᠵᠦ ᠪᠠᠶᠢᠬᠤ ᠰᠢᠭ᠋᠃ ᠠᠵᠢᠯ ᠠᠵᠢᠯ ᠭᠡᠵᠦ ᠶᠠᠪᠤᠭᠰᠠᠭᠠᠷ ᠪᠠᠶᠢᠭᠠᠳ ᠬᠡᠦᠬᠡᠳ ᠦᠨ ᠢᠶᠡᠨ ᠬᠡᠦᠬᠡᠳ ᠨᠠᠰᠤ ᠶᠢ ᠬᠠᠷᠠᠬᠤ ᠦᠭᠡᠢ  ᠦᠩᠭᠡᠷᠡᠴᠢᠬᠡᠬᠦ ᠪᠤᠢ ᠳ᠋ᠸ ᠂ ᠬᠡᠦᠬᠡᠳ ᠲᠦ ᠪᠡᠨ ᠥᠪᠡᠷ ᠦᠨ ᠢᠶᠡᠨ ᠵᠠᠯᠠᠭᠤ ᠨᠠᠰᠤ ᠶᠢ ᠬᠠᠷᠠᠭᠤᠯᠤᠯ ᠦᠭᠡᠢ ᠦᠩᠭᠡᠷᠡᠴᠢᠬᠡᠬᠦ ᠪᠤᠢ ᠳ᠋ᠸ ᠭᠡᠵᠦ ᠪᠣᠳᠣᠳᠠᠭ᠃ ᠲᠡᠶᠢᠮᠦ ᠡᠴᠡ ᠤᠭ ᠰᠢᠢᠳᠪᠦᠷᠢ ᠶᠢ ᠭᠠᠷᠭᠠᠭᠰᠠᠨ ᠭᠡᠰᠡᠨ ᠶᠤᠮ᠃

ᠰᠡᠳᠬᠢᠭᠳᠡᠯ ᠦᠯᠡᠳᠡᠭᠡᠬᠦ