ᠣᠨᠣᠨ ᠭᠣᠣᠯ ᠢ ᠲᠠᠬᠢᠨ᠎ᠠ | News.MN

ᠣᠨᠣᠨ ᠭᠣᠣᠯ ᠢ ᠲᠠᠬᠢᠨ᠎ᠠ

ᠳᠣᠷᠣᠨᠠᠲᠤ ᠨᠤᠲᠤᠭ ᠤᠨ ᠵᠣᠨ ᠣᠯᠠᠨ ᠬᠠᠪᠤᠷ ᠤᠨ ᠠᠳᠠᠭ ᠰᠠᠷ᠎ᠠ ᠶᠢᠨ ᠰᠢᠨ᠎ᠡ ᠶᠢᠨ 25 ᠪᠤᠶᠤ ᠡᠨᠡ ᠰᠠᠷ᠎ᠠ ᠶᠢᠨ 29 ᠍ ᠦ ᠡᠳᠦᠷ ᠣᠨᠣᠨ ᠭᠣᠣᠯ ᠢᠶᠠᠨ ᠲᠠᠬᠢᠬᠤ ᠪᠠᠷ ᠪᠣᠯᠵᠠᠢ᠃ ᠲᠤᠰ ᠠᠶᠢᠮᠠᠭ ᠤᠨ ᠢᠷᠭᠡᠳ ᠦᠨ ᠲᠥᠯᠥᠭᠡᠯᠡᠭᠴᠢᠳ ᠦᠨ ᠬᠤᠷᠠᠯ ᠢᠶᠠᠷ ᠠᠭᠤᠯᠠ ᠣᠪᠣᠭ᠎ᠠ᠂ ᠭᠣᠣᠯ ᠮᠥᠷᠡᠨ ᠢ ᠠᠶᠢᠮᠠᠭ ᠤᠨ ᠲᠠᠬᠢᠯᠭ᠎ᠠ ᠲᠠᠢ ᠪᠣᠯᠭᠠᠬᠤ ᠲᠤᠬᠠᠢ ᠠᠰᠠᠭᠤᠳᠠᠯ ᠢ ᠬᠡᠯᠡᠯᠴᠡᠵᠦ᠂ ᠠᠶᠢᠮᠠᠭ ᠤᠨ ᠲᠠᠬᠢᠯᠭ᠎ᠠ ᠲᠠᠢ ᠠᠭᠤᠯᠠ ᠪᠠᠷ ᠪᠤᠯᠠᠭᠠᠨ ᠰᠤᠮᠤ ᠶᠢᠨ ᠬᠠᠨ ᠠᠭᠤᠯᠠ᠂ ᠪᠠᠶᠠᠨ-ᠡᠷᠬᠡᠲᠦ ᠠᠭᠤᠯᠠ ︵ᠲᠤᠭ ᠠᠭᠤᠯᠠ︶᠂  ᠬᠠᠯᠬ᠎ᠠ ᠭᠤᠤᠯ ᠰᠤᠮᠤ ᠶᠢᠨ ᠨᠤᠲᠤᠭ ᠳᠠᠬᠢ ᠪᠣᠭᠳᠠ ᠴᠠᠭᠠᠨ ᠠᠭᠤᠯᠠ ︵ᠸᠠᠩ ᠤᠨ ᠴᠠᠭᠠᠨ ᠠᠭᠤᠯᠠ︶᠂ ᠪᠠᠶᠠᠨᠳᠤᠩ ᠰᠤᠮᠤ ᠶᠢᠨ ᠤᠭᠲᠤᠮ᠎ᠠ ᠠᠭᠤᠯᠠ᠂  ᠬᠡᠷᠦᠯᠦᠨ᠂  ᠬᠠᠯᠬ᠎ᠠ ᠭᠤᠤᠯ᠂ ᠣᠨᠣᠨ᠂ ᠤᠯᠵᠠ᠂ ᠭᠠᠯ ᠤᠨ ᠭᠣᠣᠯ ᠢ ᠠᠶᠢᠮᠠᠭ ᠤᠨ ᠲᠠᠬᠢᠯᠭ᠎ᠠ ᠲᠠᠢ ᠪᠣᠯᠭᠠᠭᠰᠠᠨ᠃
ᠠᠶᠢᠮᠠᠭ ᠤᠨ ᠲᠠᠬᠢᠯᠭ᠎ᠠ ᠲᠠᠢ ᠲᠠᠪᠤᠨ ᠭᠣᠣᠯ ᠢ ᠵᠢᠯ ᠲᠤᠲᠤᠮ ᠨᠢᠭᠡ ᠨᠢᠭᠡ ᠪᠡᠷ ᠨᠢ ᠤᠯᠠᠮᠵᠢᠯᠠᠯᠲᠤ ᠳᠢᠭ ᠵᠠᠶ᠋ᠢᠭ ᠤᠨ ᠳᠠᠭᠠᠤ ᠲᠠᠶᠢᠬᠤ ᠪᠠᠷ ᠲᠣᠭᠲᠠᠵᠠᠢ᠃

 

ᠰᠡᠳᠬᠢᠭᠳᠡᠯ ᠦᠯᠡᠳᠡᠭᠡᠬᠦ