ᠰᠢᠯᠢᠮᠡᠯ ᠡᠭᠦᠯᠳᠡᠷ ᠦᠨ ᠮᠠᠯ ᠤᠨ ᠦᠵᠡᠰᠬᠦᠯᠡᠩ ᠬᠤᠳᠠᠯᠳᠤᠭ᠎ᠠ ᠪᠣᠯᠤᠯ᠎ᠠ | News.MN

ᠰᠢᠯᠢᠮᠡᠯ ᠡᠭᠦᠯᠳᠡᠷ ᠦᠨ ᠮᠠᠯ ᠤᠨ ᠦᠵᠡᠰᠬᠦᠯᠡᠩ ᠬᠤᠳᠠᠯᠳᠤᠭ᠎ᠠ ᠪᠣᠯᠤᠯ᠎ᠠ

ᠰᠡᠯᠡᠩᠭᠡ ᠠᠶᠢᠮᠠᠭ 2019 ᠣᠨ ᠢ  ︽ᠪᠦᠲᠦᠭᠡᠨ ᠪᠠᠶᠢᠭᠤᠯᠤᠯᠲᠠ ᠶᠢ ᠨᠡᠮᠡᠭᠳᠡᠭᠦᠯᠵᠦ᠂ ᠡᠷᠦᠬᠡ ᠶᠢᠨ ᠠᠵᠤ ᠠᠬᠤᠢ ᠶᠢ ᠬᠥᠭᠵᠢᠭᠦᠯᠬᠦ ᠵᠢᠯ︾ ᠪᠣᠯᠭᠠᠨ ᠵᠠᠷᠯᠠᠵᠤ᠂ ᠠᠶᠢᠮᠠᠭ ᠤᠨ ᠲᠥᠪ ᠲᠦ ᠪᠡᠨ ︽ᠨᠤᠲᠤᠭ ᠲᠤ ᠪᠠᠨ ᠰᠠᠶᠢᠬᠠᠨ ᠠᠮᠢᠳᠤᠷᠠᠶ᠎ᠠ︾ ᠡᠷᠦᠬᠡ ᠶᠢᠨ ᠦᠢᠯᠡᠳᠪᠦᠷᠢᠯᠡᠭᠴᠢᠳ ᠦᠨ ᠴᠢᠭᠤᠯᠭ᠎ᠠ ᠠᠭᠤᠯᠵᠠᠯᠲᠠ᠂ ᠦᠵᠡᠰᠬᠦᠯᠡᠩ ᠬᠤᠳᠠᠯᠳᠤᠭ᠎ᠠ ᠶᠢ ᠠᠮᠵᠢᠯᠲᠠᠲᠠᠢ ᠵᠣᠬᠢᠶᠠᠨ ᠪᠠᠶᠢᠭᠤᠯᠤᠯ᠎ᠠ᠃ 17 ᠰᠤᠮᠤ ᠶᠢᠨ ᠪᠠᠶᠠᠯᠢᠭ ᠪᠦᠲᠦᠭᠡᠭᠴᠢᠳ ᠦᠨ ᠪᠠᠷᠠᠭ᠎ᠠ ᠪᠦᠲᠦᠭᠡᠭᠳᠡᠬᠦᠨ᠂ ᠰᠢᠯᠢᠮᠡᠯ ᠡᠭᠦᠯᠳᠡᠷ ᠦᠨ ᠮᠠᠯ ᠤᠨ ᠦᠵᠡᠰᠬᠦᠯᠡᠩ ᠬᠤᠳᠠᠯᠳᠤᠭ᠎ᠠ ᠠᠶᠢᠮᠠᠭ ᠤᠨ ᠲᠥᠪ ᠫᠠᠷᠲ᠋ᠢᠽᠠᠨ ᠤ ᠲᠠᠯᠠᠪᠠᠢ ᠳᠤ ᠭᠠᠷᠤᠯ᠎ᠠ᠃ ᠰᠡᠯᠡᠩᠭᠡ ᠠᠶᠢᠮᠠᠭ ᠤᠨ ᠬᠥᠳᠡᠯᠮᠦᠷᠢ ᠬᠠᠯᠠᠮᠵᠢ ᠶᠢᠨ ᠦᠢᠯᠡᠴᠢᠯᠡᠭᠡᠨ ᠦ ᠭᠠᠵᠠᠷ ᠠᠴᠠ ᠲᠥᠰᠥᠯ ᠰᠣᠩᠭᠣᠨ ᠰᠢᠯᠭᠠᠷᠠᠭᠤᠯᠤᠯᠲᠠ ᠶᠢᠨ ᠳᠠᠭᠠᠤ ᠰᠢᠯᠭᠠᠷᠠᠭᠰᠠᠨ ᠠᠵᠤ ᠠᠬᠤᠢ ᠶᠢᠨ ᠨᠢᠭᠡᠴᠡ ᠢᠷᠭᠡᠳ ᠲᠦ ᠪᠠᠲᠤᠯᠠᠮᠵᠢ᠂ ᠮᠣᠩᠭᠣᠯ ᠤᠨ ᠬᠥᠳᠡᠭᠡ ᠶᠢ ᠰᠢᠨᠡᠳᠭᠡᠬᠦ ᠹᠧᠷᠮᠧᠷ ᠦᠳ ᠦᠨ ᠬᠣᠯᠪᠣᠭ᠎ᠠ ᠲᠠᠢ ᠬᠠᠮᠲᠤᠷᠠᠨ 20 ᠢᠷᠭᠡᠨ ᠳᠦ ᠡᠷᠦᠬᠡ ᠶᠢᠨ ᠨᠣᠭᠣᠭᠠᠨ ᠤ ᠦᠷ᠎ᠡ᠂ ᠣᠯᠠᠨ ᠤᠯᠤᠰ ᠤᠨ ᠪᠠᠶᠢᠭᠤᠯᠤᠯᠭ᠎ᠠ ᠶᠢᠨ ᠮᠣᠩᠭᠣᠯ ᠳ᠋ᠡᠬᠢ  ᠰᠠᠭᠤᠷᠢᠨ ᠲᠥᠯᠥᠭᠡᠯᠡᠭᠴᠢ ᠶᠢᠨ ᠭᠠᠵᠠᠷ ᠤᠨ ᠣᠷᠭᠠᠨᠢᠭ ᠬᠥᠳᠡᠭᠡ ᠠᠵᠤ ᠠᠬᠤᠢ ᠶᠢᠨ ᠲᠦᠩᠰᠢᠯᠡᠯ ᠲᠥᠰᠥᠯ ᠦᠨ ᠬᠦᠷᠢᠶᠡᠨ ᠳᠦ 11 ᠰᠤᠮᠤ ᠶᠢᠨ 31 ᠬᠣᠷᠰᠢᠶᠠᠨ ᠳᠤ ᠪᠠᠭᠠᠵᠢ ᠲᠣᠨᠣᠭ ᠲᠥᠬᠥᠭᠡᠷᠦᠮᠵᠢ᠂ ᠰᠸᠢᠰ ᠦᠨ ᠬᠥᠭᠵᠢᠯ ᠦᠨ ᠠᠭᠧᠨᠲᠯᠢᠭ ᠤᠨ ᠲᠣᠭᠲᠠᠪᠤᠷᠢᠲᠠᠢ ᠪᠢᠴᠢᠯ ᠠᠭᠤᠷᠬᠠᠢ ᠲᠥᠰᠥᠯ ᠦᠨ ᠬᠦᠷᠢᠶᠡᠨ ᠳᠦ ᠮᠠᠨᠳᠤᠯ᠂ ᠢᠷᠦᠭᠡ᠂ ᠪᠠᠶᠠᠩᠭᠤᠤᠯ᠂ ᠬᠥᠳᠡᠷ᠂ ᠤᠷᠬᠤᠨᠲᠤᠤᠯᠠ ᠰᠤᠮᠤᠳ ᠤᠨ ᠪᠢᠴᠢᠯ ᠠᠭᠤᠷᠬᠠᠢ ᠡᠷᠬᠢᠯᠡᠭᠴᠢ ᠨᠥᠬᠥᠷᠯᠡᠯ ᠳᠦ ᠲᠠᠷᠢᠴᠠ ᠰᠠᠭᠤᠯᠭᠠᠴᠠ ᠲᠤᠰ ᠪᠦᠷᠢ ᠥᠭᠴᠦ ᠦᠢᠯᠡ ᠠᠵᠢᠯᠯᠠᠭᠠᠨ ᠳᠤ ᠨᠢ ᠳᠡᠮᠵᠢᠯᠭᠡ ᠦᠵᠡᠭᠦᠯᠦᠯ᠎ᠡ᠃ ᠬᠢᠯ᠎ᠡ᠃

ᠰᠡᠳᠬᠢᠭᠳᠡᠯ ᠦᠯᠡᠳᠡᠭᠡᠬᠦ