ᠳᠤᠭᠤᠢ ᠲᠠᠢ ᠰᠠᠶᠢᠬᠠᠨ ᠬᠣᠣᠰ ᠰᠢᠯᠭᠠᠷᠠᠭᠤᠯᠤᠨ᠎ᠠ | News.MN

ᠳᠤᠭᠤᠢ ᠲᠠᠢ ᠰᠠᠶᠢᠬᠠᠨ ᠬᠣᠣᠰ ᠰᠢᠯᠭᠠᠷᠠᠭᠤᠯᠤᠨ᠎ᠠ

ᠡᠮᠦᠨᠡᠭᠣᠪᠢ ᠠᠶᠢᠮᠠᠭ ᠲᠤ ︽ᠠᠦ᠋ᠲ᠋ᠣ᠋ ᠮᠠᠰᠢᠨ ᠠᠴᠠ ᠲᠠᠲᠠᠭᠠᠯᠵᠠᠶ᠎ᠠ – ᠠᠵᠢᠯ ᠳᠤ ᠪᠠᠨ ᠳᠤᠭᠤᠢ ᠪᠠᠷ ᠶᠠᠪᠤᠶ᠎ᠠ ︾ ᠤᠷᠢᠶ᠎ᠠ ᠲᠠᠢ ᠠᠶᠠᠨ ᠢ ᠡᠬᠢᠯᠡᠭᠦᠯᠬᠦ ᠪᠡᠷ ᠪᠣᠯᠵᠤ ᠂ ᠡᠨᠡ ᠰᠠᠷ᠎ᠠ ᠶᠢᠨ 27 ᠍ ᠤ ᠡᠳᠦᠷ ᠨᠡᠭᠡᠭᠡᠯᠲᠡ ᠪᠡᠨ ᠬᠢᠨ᠎ᠡ᠃ ᠡᠨᠡ ᠦᠶ᠎ᠡ ᠪᠡᠷ ᠬᠠᠮᠤᠭ ᠤᠨ ᠣᠯᠠᠨ ᠳᠤᠭᠤᠢ ᠲᠠᠢ ᠬᠠᠮᠲᠤ ᠣᠯᠠᠨ᠂ ᠳᠤᠭᠤᠢ ᠲᠠᠢ ᠰᠠᠶᠢᠬᠠᠨ ᠬᠣᠣᠰ᠂ ᠳᠤᠭᠤᠢ ᠲᠠᠢ ᠭᠡᠷ ᠪᠦᠯᠢ᠂ ᠬᠠᠮᠤᠭ ᠤᠨ ᠰᠠᠶᠢᠨ ᠲᠣᠨᠣᠭᠯᠠᠭᠰᠠᠨ ᠳᠤᠭᠤᠢ᠂ ᠳᠤᠭᠤᠢ ᠰᠣᠨᠢᠷᠬᠠᠭᠴᠢᠳ ᠤᠨ ᠳᠤᠮᠳᠠ ᠲᠤᠭ ᠰᠦᠯᠵᠢᠬᠦ ᠵᠡᠷᠭᠡ ᠤᠷᠤᠯᠳᠤᠭᠠᠨ ᠢ ᠶᠠᠪᠤᠭᠤᠯᠬᠤ ᠪᠠᠷ ᠲᠥᠯᠦᠪᠯᠡᠵᠦ ᠪᠠᠶᠢᠭ᠎ᠠ ᠶᠤᠮ᠃ ᠮᠥᠨ ᠳᠤᠭᠤᠢ ᠰᠣᠨᠢᠷᠬᠠᠭᠴᠢᠳ ᠤᠨ ᠳᠤᠮᠳᠠ ︽ᠳᠤᠭᠤᠢ ᠶᠢᠨ ᠬᠠᠰᠤᠭᠳᠠᠬᠤ ᠤᠷᠤᠯᠳᠤᠭᠠᠨ︾᠍ ᠢ ᠶᠠᠪᠤᠭᠤᠯᠬᠤ ᠪᠥᠭᠡᠳ ᠡᠭᠦᠨ ᠳᠦ ᠰᠫᠣᠷᠲ ᠤᠨ ᠵᠡᠷᠭᠡ ᠴᠣᠯᠠᠲᠠᠢ ᠪᠤᠶᠤ ᠮᠡᠷᠭᠡᠵᠢᠯ ᠦᠨ ᠪᠠᠭ ᠲᠠᠮᠢᠷᠴᠢᠳ ᠢ ᠣᠷᠤᠯᠴᠠᠭᠤᠯᠬᠤ ᠦᠭᠡᠢ ᠠᠵᠠᠢ ᠃
ᠲᠤᠰ ᠠᠶᠠᠨ ᠨᠢ ᠢᠷᠭᠡᠳ ᠦᠨ ᠳᠤᠮᠳᠠ ᠡᠷᠡᠭᠦᠯ ᠠᠵᠤ ᠲᠥᠷᠥᠬᠦ ᠶᠣᠰᠣ ᠶᠢ ᠬᠡᠪᠰᠢᠭᠦᠯᠬᠦ᠂ ᠨᠡᠶᠢᠲᠡ ᠶᠢᠨ ᠪᠡᠶ᠎ᠡ ᠶᠢᠨ ᠲᠠᠮᠢᠷ ᠢᠶᠠᠷ ᠬᠢᠴᠢᠶᠡᠯᠯᠡᠭᠦᠯᠵᠦ ᠡᠷᠡᠭᠦᠯ ᠮᠡᠨᠳᠦ ᠶᠢ ᠪᠡᠬᠢᠵᠢᠭᠦᠯᠬᠦ᠂ ᠡᠳ᠋ ᠍ ᠦᠨ ᠵᠠᠰᠠᠭ ᠲᠤ ᠬᠡᠮᠨᠡᠯᠲᠡ ᠬᠢᠬᠦ᠂ ᠬᠥᠳᠡᠯᠭᠡᠭᠡᠨ ᠦ ᠳᠤᠲᠠᠭᠳᠠᠯ ᠠᠴᠠ ᠤᠷᠢᠳᠴᠢᠯᠠᠨ ᠰᠡᠷᠭᠡᠶᠢᠯᠡᠬᠦ᠂ ᠪᠠᠶᠢᠭᠠᠯᠢ ᠣᠷᠴᠢᠨ ᠤ ᠪᠤᠬᠢᠷᠳᠤᠯ ᠢ ᠪᠠᠭᠤᠷᠠᠭᠤᠯᠬᠤ᠂ ᠠᠦ᠋ᠲ᠋ᠤ᠋ ᠵᠠᠮ ᠤᠨ ᠲᠦᠭᠵᠢᠷᠡᠯ ᠢ ᠪᠠᠭᠤᠷᠠᠭᠤᠯᠬᠤ ᠵᠣᠷᠢᠯᠭ᠎ᠠ ᠲᠠᠢ ᠶᠤᠮ᠃

ᠰᠡᠳᠬᠢᠭᠳᠡᠯ ᠦᠯᠡᠳᠡᠭᠡᠬᠦ