ᠭ ᠂ ᠽᠠᠨᠳᠠᠨᠰᠢᠲᠠᠷ᠎ᠠ ᠶᠢᠨ ᠨᠤᠮ ᠱᠠᠩᠨᠠᠯ ᠬᠦᠷᠲᠡᠯ᠎ᠡ | News.MN

ᠭ ᠂ ᠽᠠᠨᠳᠠᠨᠰᠢᠲᠠᠷ᠎ᠠ ᠶᠢᠨ ᠨᠤᠮ ᠱᠠᠩᠨᠠᠯ ᠬᠦᠷᠲᠡᠯ᠎ᠡ

ᠣᠷᠣᠰ  ᠤᠨ ᠡᠷᠬᠦᠦ ᠬᠣᠲᠠ ᠶᠢᠨ ᠪᠠᠶᠢᠭᠠᠯᠢ ᠶᠢᠨ ᠤᠯᠤᠰ ᠤᠨ ᠶᠡᠬᠡ ᠰᠤᠷᠭᠠᠭᠤᠯᠢ᠂ ᠣᠷᠣᠰ-ᠮᠣᠩᠭᠣᠯ ᠤᠨ ᠬᠠᠮᠲᠤ ᠶᠢᠨ ᠠᠵᠢᠯᠯᠠᠭᠠᠨ ᠤ ᠲᠥᠪ᠂  ︽ᠶᠡᠬᠡ ᠰᠤᠷᠭᠠᠭᠤᠯᠢ ᠶᠢᠨ ᠨᠣᠮ ︾ ᠲᠥᠰᠥᠯ ᠡᠴᠡ ᠬᠠᠮᠲᠤᠷᠠᠨ ᠵᠣᠬᠢᠶᠠᠨ ᠪᠠᠶᠢᠭᠤᠯᠤᠭᠰᠠᠨ ᠰᠢᠪᠸ᠋ᠷᠢᠶ᠎ᠠ ᠶᠢᠨ ᠪᠥᠰᠡ ᠨᠤᠲᠤᠭ ᠤᠨ ᠰᠢᠯᠢᠳᠡᠭ ᠨᠣᠮ ᠰᠢᠯᠭᠠᠷᠠᠭᠤᠯᠬᠤ  ᠨᠠᠢᠮᠠᠳᠤᠭᠠᠷ ᠤᠷᠤᠯᠳᠤᠭᠠᠨ ᠳᠤ  ᠲᠡᠷᠢᠭᠦᠯᠡᠭᠰᠡᠳ ᠲᠦ ᠱᠠᠩᠨᠠᠯ ᠭᠠᠷᠳᠠᠭᠤᠯᠬᠤ ᠶᠣᠰᠣᠯᠠᠯ ᠥᠨᠥᠳᠥᠷ ᠪᠣᠯᠤᠯ᠎ᠠ᠃  ︽ᠶᠡᠬᠡ ᠰᠤᠷᠭᠠᠭᠤᠯᠢ ᠶᠢᠨ ᠨᠣᠮ︾ ᠤᠷᠤᠯᠳᠤᠭᠠᠨᠲᠤ ᠰᠢᠯᠭᠠᠷᠠᠭᠤᠯᠤᠯᠲᠠ 20 ᠵᠢᠯ ᠦᠨ ᠲᠡᠦᠬᠡ ᠲᠡᠢ ᠪᠥᠭᠡᠳ ᠣᠷᠣᠰ ᠤᠨ ᠬᠣᠯᠪᠣᠭᠠᠨ ᠤ ᠤᠯᠤᠰ ᠤᠨ ᠳᠤᠲᠤᠭᠠᠳᠤ ᠳᠤ ᠪᠣᠯᠳᠠᠭ ᠪᠠᠶᠢᠭᠰᠠᠨ ᠢᠶᠠᠨ ᠡᠨᠡ ᠣᠨ ᠳᠤ ᠠᠩᠬ᠎ᠠ ᠤᠳᠠᠭ᠎ᠠ ᠭᠠᠳᠠᠭᠠᠳᠤ ᠳᠤ ᠪᠤᠶᠤ ᠮᠣᠩᠭᠣᠯ ᠤᠯᠤᠰ ᠲᠤ ᠵᠣᠬᠢᠶᠠᠨ ᠪᠠᠶᠢᠭᠤᠯᠵᠤ ᠪᠠᠶᠢᠭ᠎ᠠ ᠶᠤᠮ ᠪᠠᠶᠢᠨ᠎ᠠ᠃

ᠤᠷᠤᠯᠳᠤᠭᠠᠨ ᠤ ᠭᠷᠡᠨᠫᠷᠢ ᠱᠠᠩᠨᠠᠯ ᠢ ᠮᠣᠩᠭᠣᠯ ᠤᠯᠤᠰ ᠤᠨ ᠶᠡᠬᠡ ᠬᠤᠷᠠᠯ ᠤᠨ ᠳᠠᠷᠤᠭ᠎ᠠ ᠭ ᠂ ᠽᠠᠨᠳᠠᠨᠰᠢᠲᠠᠷ᠎ᠠ ︽ᠨᠢᠭᠡ ᠮᠣᠩᠭᠣᠯ ᠨᠢᠭᠡ ᠵᠦᠭ ᠲᠦ ᠂ ᠬᠥᠭᠵᠢᠯ ᠪᠣᠯ ᠴᠡᠭᠴᠡᠷᠡᠬᠦ ᠬᠥᠳᠡᠯᠭᠡᠭᠡᠨ ︾᠂ ᠵᠣᠬᠢᠶᠠᠯᠴᠢ᠂ ᠨᠠᠶᠢᠷᠠᠭᠤᠯᠤᠭᠴᠢ ᠳ∙ᠲᠦᠷᠦᠮᠦ᠋ᠩᠬᠡ ︽ᠮᠢᠨᠦ ᠮᠡᠳᠡᠬᠦ ᠵᠧᠩᠺᠣ ᠪᠠᠲᠤᠲᠤᠯᠭ᠎ᠠ︾᠂ ᠠᠺᠠᠳᠧᠮᠢᠴᠢ ᠲ∙ᠳᠣᠷᠵᠢ ︽ ᠬᠤᠷᠢᠳᠤᠭᠠᠷ ᠵᠠᠭᠤᠨ ᠤ ᠡᠬᠢᠨ ᠦ ᠬᠠᠭᠠᠰ ᠤᠨ ᠣᠷᠣᠰ ᠮᠣᠩᠭᠣᠯ ᠤᠨ ᠬᠠᠷᠢᠯᠴᠠᠭᠠᠨ ᠤ ᠲᠤᠯᠭᠠᠮᠳᠠᠭᠰᠠᠨ ᠠᠰᠠᠭᠤᠳᠠᠯ ᠤᠳ︾ ᠨᠣᠮ ᠢᠶᠠᠷ ᠢᠶᠠᠨ ᠲᠤᠰ ᠲᠤᠰ ᠬᠦᠷᠲᠡᠯ᠎ᠡ᠃ ᠡᠳᠡᠭᠡᠷ ᠪᠦᠲᠦᠭᠡᠯ ᠣᠷᠣᠰ ᠬᠡᠯᠡ ᠪᠡᠷ ᠬᠡᠪᠯᠡᠭᠳᠡᠭᠰᠡᠨ ᠪᠠᠶᠢᠨ᠎ᠠ᠃  ᠤᠯᠤᠰ ᠤᠨ ᠶᠡᠬᠡ ᠬᠤᠷᠠᠯ ᠤᠨ ᠳᠠᠷᠤᠭ᠎ᠠ ᠭ∙ᠽᠠᠨᠳᠠᠨᠰᠢᠲᠠᠷ᠎ᠠ ᠶᠢᠨ ᠨᠣᠮ ᠠᠷᠠᠳᠴᠢᠯᠠᠭᠰᠠᠨ ᠡᠷᠬᠡ ᠵᠦᠢ᠂  ᠲᠦᠷᠦᠲᠦ ᠶᠣᠰᠣᠨ ᠤ ᠤᠯᠠᠮᠵᠢᠯᠠᠯ ᠢᠶᠠᠨ ᠬᠣᠣᠰᠯᠠᠭᠤᠯᠬᠤ ᠵᠠᠮ ᠢᠶᠠᠷ ᠴᠡᠭᠴᠡᠲᠡᠢ᠂ ᠬᠠᠷᠢᠭᠤᠴᠠᠯᠭ᠎ᠠ ᠲᠠᠢ᠂ ᠰᠢᠳᠤᠷᠭᠤ᠂ ᠲᠣᠭᠲᠠᠪᠤᠷᠢᠲᠠᠢ ᠲᠥᠷᠥ ᠶᠢ ᠴᠣᠭᠴᠠᠯᠠᠭᠠᠬᠤ᠂ ᠲᠥᠷᠥ ᠨᠢ ᠢᠷᠭᠡᠨ ᠳᠦ ᠪᠡᠨ ᠬᠦᠨᠳᠦᠯᠡᠭᠳᠡᠵᠦ᠂ ᠢᠷᠭᠡᠨ ᠢᠶᠡᠨ ᠲᠥᠷᠥ ᠨᠢ ᠳᠡᠭᠡᠳᠦᠯᠡᠵᠦ ᠪᠠᠶᠢᠬᠤ ᠨᠢ ᠬᠥᠭᠵᠢᠯ ᠦᠨ ᠲᠤᠯᠭᠠᠭᠤᠷᠢ ᠵᠦᠢ ᠲᠣᠭᠲᠠᠯ ᠮᠥᠨ︾ ᠭᠡᠰᠡᠨ ᠦᠵᠡᠯ ᠪᠠᠷᠢᠮᠲᠠᠯᠠᠯ ᠢ ᠬᠡᠷᠡᠭᠵᠢᠭᠦᠯᠬᠦ ᠠᠷᠭ᠎ᠠ ᠵᠠᠮ ᠤᠨ ᠬᠠᠮᠲᠤ ᠳᠡᠪᠰᠢᠭᠦᠯᠦᠨ ᠲᠠᠯᠪᠢᠭᠰᠠᠨ ᠢᠶᠠᠷ ᠢᠶᠠᠨ ᠣᠨᠴᠠᠭᠠᠢ ᠦᠨ᠎ᠡ ᠴᠡᠨ᠎ᠡ ᠲᠡᠢ ᠪᠦᠲᠦᠭᠡᠯ ᠪᠣᠯᠤᠭᠰᠠᠨ ᠭᠡᠵᠦ ᠰᠢᠯᠭᠠᠷᠠᠭᠤᠯᠤᠭᠴᠢᠳ ᠦᠵᠡᠵᠡᠢ᠃

ᠰᠡᠳᠬᠢᠭᠳᠡᠯ ᠦᠯᠡᠳᠡᠭᠡᠬᠦ