ᠬᠣᠪᠳᠣ ᠠᠶᠢᠮᠠᠭ ᠲᠤ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠶᠢᠨ 1-11 ᠳ᠋ᠤᠭᠡᠷ ᠠᠩᠬᠢ ᠶᠢᠨ ᠰᠤᠷᠤᠭᠴᠢᠳ ᠤᠨ ᠳᠤᠮᠳᠠ ︽ᠢᠷᠭᠤᠢ-2019 ︾ ᠬᠡᠦᠬᠡᠳ ᠦᠨ ᠤᠷᠠᠯᠢᠭ ᠤᠨ ᠶᠡᠬᠡ ᠨᠠᠭᠠᠳᠤᠮ ᠵᠣᠬᠢᠶᠠᠨ ᠪᠠᠶᠢᠭᠤᠯᠵᠤ ᠪᠠᠶᠢᠨ᠎ᠠ᠃ ᠡᠨᠡ ᠤᠳᠠᠭ᠎ᠠ ᠶᠢᠨ ᠨᠠᠭᠠᠳᠤᠮ ᠳᠤ ᠵᠢᠷᠭᠠᠯᠠᠩᠲᠤ᠂ ᠴᠢᠨᠳᠠᠮᠤᠨᠢ᠂ ᠮᠥᠰᠦᠲᠦ᠂ ᠪᠤᠶᠠᠨᠲᠤ᠂ ᠳᠠᠭᠤᠲᠤ ᠵᠡᠷᠭᠡ 10 ᠰᠤᠮᠤ ᠶᠢᠨ ᠶᠡᠷᠦᠩᠬᠡᠢ ᠪᠣᠯᠪᠠᠰᠤᠷᠠᠯ ᠤᠨ 17 ᠰᠤᠷᠭᠠᠭᠤᠯᠢ ᠶᠢᠨ 360 ᠭᠠᠷᠤᠢ ᠰᠤᠷᠤᠭᠴᠢ ᠣᠷᠣᠯᠴᠠᠵᠤ᠂ ᠠᠪᠢᠶᠠᠰ᠂ ᠤᠷ᠎ᠠ ᠴᠢᠳᠠᠪᠤᠷᠢ ᠪᠠᠨ ᠰᠣᠷᠢᠨ ᠥᠷᠢᠰᠦᠯᠳᠦᠵᠦ ᠡᠬᠢᠯᠡᠯ᠎ᠡ᠃ ᠤᠷᠠᠯᠢᠭ ᠤᠨ ᠨᠠᠭᠠᠳᠤᠮ ᠦᠨᠳᠦᠰᠦᠨ ᠦ ᠪᠣᠯᠤᠨ ᠠᠷᠠᠳ ᠤᠨ ᠢᠵᠠᠭᠤᠷ ᠤᠷᠠᠯᠢᠭ᠂ ᠣᠷᠴᠢᠨ ᠦᠶ᠎ᠡ ᠶᠢᠨ ᠪᠠ ᠰᠣᠩᠭᠣᠳᠠᠭ ᠤᠷᠠᠯᠢᠭ ᠭᠡᠰᠡᠨ ᠲᠥᠷᠥᠯ ᠢᠶᠡᠷ ᠦᠷᠭᠦᠯᠵᠢᠯᠡᠵᠦ ᠪᠠᠶᠢᠨ᠎ᠠ᠃ ᠣᠷᠣᠯᠴᠠᠭᠴᠢᠳ ᠪᠡᠰᠡᠷᠡᠭ ᠪᠣᠯᠤᠨ ᠤᠷᠲᠤ ᠶᠢᠨ ᠳᠠᠭᠤᠤ᠂ ᠪᠡᠶ᠎ᠡ ᠪᠡᠶᠡᠯᠡᠭᠡ᠂ ᠤᠷᠠᠨ ᠨᠤᠭᠤᠷᠠᠯᠲᠠ᠂ ᠬᠥᠭᠵᠢᠮ᠂ ᠬᠦᠭᠡᠮᠢ ᠂ ᠲᠤᠤᠯᠢᠰ ᠮᠠᠭᠲᠠᠭᠠᠯ᠂ ᠬᠠᠷᠬᠢᠷ᠎ᠠ᠂ ᠢᠰᠬᠡᠷᠦᠭᠡ᠂ ᠪᠦᠵᠢᠭ᠂ ᠬᠥᠭᠵᠢᠮ᠂ ᠠᠬᠤᠢ ᠶᠢᠨ ᠪᠤᠶᠤ ᠬᠡᠦᠬᠡᠳ ᠦᠨ ᠰᠡᠳᠦᠪᠲᠦ ᠵᠣᠬᠢᠶᠠᠮᠵᠢ ᠵᠡᠷᠭᠡ ᠥᠪᠡᠷ ᠦᠨ ᠪᠡᠯᠡᠳᠬᠡᠭᠰᠡᠨ ᠦᠵᠡᠭᠦᠯᠪᠦᠷᠢ ᠪᠡᠨ ᠰᠤᠭᠤᠯᠤᠭᠠᠨ ᠤ ᠳᠠᠭᠠᠤ ᠦᠵᠡᠭᠴᠢᠳ ᠦᠨ ᠬᠦᠷᠲᠡᠭᠡᠯ ᠪᠣᠯᠭᠠᠵᠤ ᠪᠠᠶᠢᠨ᠎ᠠ᠃
ᠨᠠᠭᠠᠳᠤᠮ ᠤᠨ ᠰᠢᠯᠢᠳᠡᠭ ᠣᠷᠣᠯᠴᠠᠭᠴᠢᠳ ᠮᠠᠷᠭᠠᠰᠢ ᠲᠣᠳᠣᠷᠠᠬᠤ ᠪᠥᠭᠡᠳ ᠲᠡᠷᠢᠭᠦᠨ ᠪᠠᠶᠢᠷᠢ ᠳᠤ ᠰᠢᠯᠭᠠᠷᠠᠭᠰᠠᠨ ᠰᠤᠷᠤᠭᠴᠢᠳ ᠢᠷᠡᠬᠦ ᠲᠠᠪᠤᠳᠤᠭᠠᠷ ᠰᠠᠷ᠎ᠠ ᠳᠤ ᠪᠣᠯᠬᠤ ︽ᠪᠠᠷᠠᠭᠤᠨ ᠪᠥᠰᠡ ᠶᠢᠨ ᠬᠡᠦᠬᠡᠳ ᠦᠨ ᠤᠷᠠᠯᠢᠭ ᠤᠨ ᠶᠡᠬᠡ ᠨᠠᠭᠠᠳᠤᠮ︾ ᠍ ᠳᠦ ᠠᠶᠢᠮᠠᠭ ᠣᠷᠣᠨ ᠨᠤᠲᠤᠭ ᠢᠶᠠᠨ ᠲᠥᠯᠥᠭᠡᠯᠡᠨ ᠤᠷᠤᠯᠴᠠᠬᠤ ᠡᠷᠬᠡ ᠶᠢᠨ ᠪᠢᠴᠢᠭ ᠭᠠᠷᠳᠠᠨ ᠠᠪᠤᠨ᠎ᠠ᠃ ︽ᠢᠷᠭᠤᠢ︾ ᠬᠡᠦᠬᠡᠳ ᠦᠨ ᠤᠷᠠᠯᠢᠭ ᠤᠨ ᠶᠡᠬᠡ ᠨᠠᠭᠠᠳᠤᠮ ᠢ ᠬᠡᠦᠬᠡᠳ᠂ ᠥᠰᠪᠦᠷᠢ ᠦᠶ᠎ᠡ ᠶᠢᠨ ᠬᠢᠨ ᠳᠦ ᠮᠣᠩᠭᠣᠯ ᠦᠨᠳᠦᠰᠦᠲᠡᠨ ᠦ ᠤᠷᠠᠯᠢᠭ ᠤᠨ ᠥᠪ ᠰᠠᠩ ᠢ ᠡᠵᠡᠮᠰᠢᠭᠦᠯᠬᠦ᠂ ᠲᠦᠭᠡᠭᠡᠨ ᠳᠡᠯᠭᠡᠷᠡᠭᠦᠯᠬᠦ᠂ ᠰᠤᠷᠲᠠᠯᠴᠢᠯᠠᠬᠤ᠂ ᠲᠡᠳᠡᠨ ᠦ ᠠᠪᠢᠶᠠᠰ ᠴᠢᠳᠠᠪᠤᠷᠢ ᠶᠢ ᠬᠥᠭᠵᠢᠭᠦᠯᠬᠦ᠂ ᠬᠠᠷᠢᠯᠴᠠᠨ ᠰᠤᠷᠤᠯᠴᠠᠬᠤ᠂ ᠬᠠᠮᠲᠤᠷᠠᠨ ᠪᠦᠲᠦᠭᠡᠯ ᠲᠤᠭᠤᠷᠪᠢᠬᠤ ᠪᠣᠯᠤᠮᠵᠢ ᠶᠢ ᠪᠦᠷᠢᠳᠦᠭᠦᠯᠬᠦ᠂ ᠦᠨᠳᠦᠰᠦᠨ ᠦ ᠰᠤᠶᠤᠯ ᠤᠷᠠᠯᠢᠭ᠂ ᠵᠠᠩ ᠵᠠᠩᠰᠢᠯ ᠢᠶᠠᠷ ᠪᠠᠬᠠᠷᠬᠠᠬᠤ ᠦᠵᠡᠯ ᠢ ᠲᠥᠯᠦᠪᠰᠢᠭᠦᠯᠬᠦ ᠵᠣᠷᠢᠯᠭ᠎ᠠ ᠪᠠᠷ 2 ᠵᠢᠯ ᠲᠤᠲᠤᠮ ᠳᠤ ᠤᠯᠠᠮᠵᠢᠯᠠᠯ ᠪᠣᠯᠭᠠᠨ ᠵᠣᠬᠢᠶᠠᠨ ᠪᠠᠶᠢᠭᠤᠯᠳᠠᠭ ᠶᠤᠮ᠃