Ocean Partners ᠢ ᠠᠰᠠᠭᠤᠳᠠᠯ ᠲᠠᠢ ᠭᠡᠵᠦ ᠪᠢ ᠮᠡᠳᠡᠭᠰᠡᠨ ᠦᠭᠡᠢ | News.MN

Ocean Partners ᠢ ᠠᠰᠠᠭᠤᠳᠠᠯ ᠲᠠᠢ ᠭᠡᠵᠦ ᠪᠢ ᠮᠡᠳᠡᠭᠰᠡᠨ ᠦᠭᠡᠢ

ᠡᠷᠳᠡᠨᠢᠲᠦ ᠦᠢᠯᠡᠳᠪᠦᠷᠢ ᠶᠢᠨ ᠵᠠᠬᠢᠷᠤᠯ ᠬ∙ᠪᠠᠳᠮᠠᠰᠦ᠋ᠷᠦᠩ ᠡᠴᠡ ᠴᠠᠭ ᠦᠶ᠎ᠡ ᠶᠢᠨ ᠠᠰᠠᠭᠤᠳᠠᠯ ᠢᠶᠠᠷ ᠵᠠᠷᠢᠮ ᠵᠦᠢᠯ ᠢ ᠲᠣᠳᠣᠷᠠᠭᠤᠯᠤᠯ᠎ᠠ᠃
– Ocean Partners ᠺᠣᠮᠫᠠᠨᠢ ᠱ∙ᠪᠠᠲᠤᠬᠦᠦ ᠶᠢ ᠡᠷᠳᠡᠨᠢᠲᠦ ᠦᠢᠯᠡᠳᠪᠦᠷᠢ ᠶᠢᠨ 51 ᠬᠤᠪᠢ ᠶᠢ ᠪᠠᠷᠢᠴᠠᠭᠠᠯᠠᠨ ᠵᠢᠭᠡᠯᠡ ᠠᠪᠬᠤ ᠳᠤ ᠵᠠᠭᠤᠴᠢᠯᠠᠭᠴᠢ ᠪᠠᠷ ᠠᠵᠢᠯᠯᠠᠵᠤ ᠲᠤᠰᠠᠯᠠᠭᠰᠠᠨ᠃ ᠭᠡᠲᠡᠯ᠎ᠡ ᠡᠨᠡ ᠺᠣᠮᠫᠠᠨᠢ ᠰᠠᠶ᠋ᠢ ᠳᠠᠬᠢᠨ ᠵᠠᠭᠤᠴᠢᠯᠠᠭᠴᠢ ᠪᠠᠷ ᠠᠵᠢᠯᠯᠠᠵᠠᠢ᠃ ᠡᠨᠡ ᠶᠠᠮᠠᠷ ᠤᠴᠢᠷᠲᠠᠢ ᠶᠤᠮ ᠪᠤᠢ ︖
– ᠡᠭᠦᠰᠦᠭᠡᠳ ᠪᠤᠢ ᠡᠷᠡᠰᠳᠡᠯ ᠢ ᠲᠣᠭᠠᠴᠠᠭᠠᠯᠠᠵᠤ ᠵᠣᠬᠢᠬᠤ ᠵᠢᠷᠤᠮ ᠤᠨ ᠬᠢᠨᠢ ᠳᠠᠭᠠᠤ ᠠᠵᠢᠯᠯᠠᠭᠰᠠᠨ᠃ ᠪᠢᠳᠡ ᠭᠠᠳᠠᠭᠠᠳᠤ ᠦᠷᠢ ᠶᠢ ᠬᠠᠭᠠᠬᠤ ᠭᠡᠵᠤ ᠠᠵᠢᠯᠯᠠᠭᠰᠠᠨ᠃ ᠢᠯᠡᠭᠦᠦ ᠮᠡᠳᠡᠭᠡᠯᠡᠯ ᠦᠭᠡᠢ ᠪᠠᠶᠢᠨ᠎ᠠ᠃
– ᠡᠮᠦᠨ᠎ᠡ ᠨᠢ ᠠᠰᠠᠭᠤᠳᠠᠯ ᠡᠭᠦᠰᠬᠡᠭᠰᠡᠨ ᠺᠣᠮᠫᠠᠨᠢ ᠶᠢ ᠳᠠᠬᠢᠨ ᠵᠠᠭᠤᠴᠢᠯᠠᠭᠴᠢ ᠪᠠᠷ ᠠᠵᠢᠯᠯᠠᠭᠤᠯᠤᠭᠰᠠᠨ ᠤᠴᠢᠷ ᠰᠢᠯᠲᠠᠭᠠᠨ ᠨᠢ ᠤᠤ ᠶᠤᠮ ᠪᠤᠢ ︖
– ᠠᠰᠠᠭᠤᠳᠠᠯ ᠲᠠᠢ ᠪᠠᠶᠢᠭᠰᠠᠨ ᠢ ᠨᠢ ᠪᠢ ᠮᠡᠳᠡᠬᠦ ᠦᠭᠡᠢ ᠶᠤᠮ᠃ ᠠᠰᠠᠭᠤᠳᠠᠯ ᠲᠠᠢ ᠪᠠᠶᠢᠭᠰᠠᠨ ᠭᠡᠵᠦ ᠬᠡᠯᠡᠭᠰᠡᠨ ᠬᠦᠮᠦᠰ ᠡᠴᠡ ᠪᠡᠨ ᠠᠰᠠᠭᠤ᠃
– ᠵᠠᠭᠤᠴᠢᠯᠠᠭᠴᠢ ᠪᠠᠷ ᠠᠵᠢᠯᠯᠠᠭᠰᠠᠨ ᠤ ᠬᠥᠯᠦᠰᠦᠨ ᠳᠦ ᠲᠤᠰ ᠺᠣᠮᠫᠠᠨᠢ ᠳᠤ ᠬᠡᠳᠦᠨ ᠲᠥᠭᠥᠷᠢᠭ ᠲᠥᠯᠦᠵᠦ ᠪᠠᠶᠢᠭ᠎ᠠ ᠶᠤᠮ ᠪᠤᠢ ︖
-ᠨᠢᠭᠡ ᠴᠤ ᠲᠥᠭᠥᠷᠢᠭ᠂ ᠳ᠋ᠣᠯᠯᠠᠷ ᠲᠥᠯᠦᠭᠡ ᠦᠭᠡᠢ᠃
– ᠲᠡᠭᠡᠬᠦ ᠪᠡᠷ ᠵᠡᠰ ᠦᠨ ᠪᠠᠶᠠᠵᠢᠮᠠᠯ ᠢᠶᠠᠷ ᠲᠥᠯᠥᠪᠦᠷᠢ ᠶᠢ ᠨᠢ ᠲᠥᠯᠦᠵᠦ ᠪᠠᠶᠢᠭ᠎ᠠ ᠶᠤᠮ ᠤᠤ ︖
– ᠪᠢᠳᠡ ᠰᠠᠶ᠋ᠢ 40 ᠰᠠᠶ᠎ᠠ ᠳ᠋ᠣᠯᠯᠠᠷ ᠤᠨ ᠦᠷᠢ  ᠶᠢ ᠲᠥᠯᠦᠭᠰᠡᠨ᠃ ᠳᠦᠷᠢᠮ ᠵᠢᠷᠤᠮ ᠤᠨ ᠢᠶᠠᠨ ᠳᠠᠭᠠᠤ ᠶᠠᠪᠤᠵᠤ ᠪᠤᠢ ᠠᠵᠢᠯ᠃ ᠦᠢᠯᠡ ᠶᠠᠪᠤᠴᠠ ᠤᠳᠠᠭᠠᠨ ᠪᠠᠶᠢᠨ᠎ᠠ᠃ ᠮᠢᠨᠦ ᠬᠤᠪᠢ ᠳᠤ ᠲᠣᠮᠣ ᠡᠷᠬᠡ ᠠᠰᠢᠭ ᠢᠶᠠᠨ ᠪᠣᠳᠣᠵᠤ ᠠᠵᠢᠯᠯᠠᠬᠤ ᠶᠣᠰᠣᠲᠠᠢ᠃ ᠵᠣᠬᠢᠬᠤ ᠵᠢᠷᠤᠮ ᠤᠨ  ᠬᠢᠨᠢ ᠳᠠᠭᠠᠤ ᠠᠵᠢᠯᠯᠠᠬᠤ ᠶᠣᠰᠣᠲᠠᠢ᠃ ᠠᠯᠢᠪᠠ ᠭᠡᠷ᠎ᠡ᠂ ᠬᠡᠯᠡᠴᠡᠯ ᠴᠠᠭ ᠬᠤᠭᠤᠴᠠᠭ᠎ᠠ ᠲᠠᠢ᠃ ᠬᠡᠯᠡᠴᠡᠯ ᠬᠢᠵᠦ ᠪᠤᠢ ᠲᠠᠯ᠎ᠠ ᠨᠤᠭᠤᠳ ᠪᠡᠶ᠎ᠡ ᠪᠡᠶᠡᠨ ᠦ ᠪᠡᠨ ᠡᠮᠦᠨ᠎ᠡ ᠬᠦᠯᠢᠶᠡᠭᠰᠡᠨ ᠡᠭᠦᠷᠭᠡ ᠲᠡᠢ᠃ ᠭᠠᠳᠠᠭᠠᠳᠤ ᠬᠠᠷᠢᠯᠴᠠᠭ᠎ᠠ᠂ ᠥᠷᠢ ᠲᠥᠯᠥᠪᠦᠷᠢ ᠲᠡᠢ ᠬᠣᠯᠪᠣᠭ᠎ᠠ ᠲᠠᠢ ᠠᠰᠠᠭᠤᠳᠠᠯ ᠤᠳ ᠢ ᠨᠢᠭᠡ ᠴᠣᠩᠬᠣ ᠪᠠᠷ ᠵᠥᠪ ᠶᠠᠪᠤᠭᠤᠯᠵᠤ ᠪᠠᠶᠢᠵᠤ ᠪᠢᠳᠡ ᠬᠣᠵᠢᠨ᠎ᠠ᠃
– ᠱ∙ᠪᠠᠲᠤᠬᠦᠦ ᠶᠢᠨ ᠲᠠᠯᠪᠢᠭᠰᠠᠨ ᠦᠷᠢ  ᠶᠢ ᠡᠷᠳᠡᠨᠢᠲᠦ ᠦᠢᠯᠡᠳᠪᠦᠷᠢ ᠶᠢᠨ  ︽ᠡᠷᠡᠰᠳᠡᠯ ᠦᠨ  ᠰᠠᠩ︾ ᠠᠴᠠ ᠲᠥᠯᠦᠭᠰᠡᠨ ᠶᠤᠮ ᠤᠤ ᠂ ᠨᠥᠭᠡᠴᠡ ᠬᠥᠷᠥᠩᠭᠡ ᠡᠴᠡ ᠲᠥᠯᠦᠭᠰᠡᠨ ᠦᠦ ︖
– ︽ᠡᠷᠡᠰᠳᠡᠯ ᠦᠨ ᠰᠠᠩ︾ ᠠᠴᠠ ᠲᠥᠯᠦᠭᠰᠡᠨ᠃ ᠵᠠᠰᠠᠭ ᠤᠨ ᠭᠠᠵᠠᠷ ᠤᠨ ᠠᠵᠢᠯ ᠤᠨ ᠬᠡᠰᠡᠭ ᠲᠦ ᠠᠯᠪᠠᠨ ᠵᠢᠷᠤᠮ ᠤᠨ ᠬᠢᠨᠢ ᠳᠠᠭᠠᠤ ᠡᠨᠡ ᠲᠠᠯ᠎ᠠ ᠪᠠᠷ ᠮᠡᠳᠡᠭᠡᠯᠡᠯ ᠪᠡᠯᠡᠳᠬᠡᠵᠦ ᠥᠭᠭᠦᠨ᠎ᠡ᠃
– 40 ᠰᠠᠶ᠎ᠠ ᠳ᠋ᠣᠯᠯᠠᠷ ᠢ ᠪᠤᠷᠤᠭᠤᠲᠠᠢ ᠡᠲᠡᠭᠡᠳ ᠦᠳ ᠢᠶᠡᠷ ᠭᠠᠷᠭᠠᠭᠤᠯᠬᠤ ᠶᠢᠨ ᠲᠤᠯᠠᠳᠠ ᠡᠷᠳᠡᠨᠢᠲᠦ  ᠦᠢᠯᠡᠳᠪᠦᠷᠢ ᠡᠴᠡ ᠬᠠᠤᠯᠢ ᠬᠢᠨᠠᠯᠲᠠ ᠶᠢᠨ ᠪᠠᠶᠢᠭᠤᠯᠤᠯᠭ᠎ᠠ ᠳᠤ ᠬᠠᠨᠳᠤᠭᠰᠠᠨ ᠤᠤ ︖
– ᠪᠢ ᠲᠤᠰᠢᠶᠠᠯ ᠭᠠᠷᠭᠠᠵᠤ ᠠᠵᠢᠯ ᠤᠨ ᠬᠡᠰᠡᠭ ᠪᠠᠶᠢᠭᠤᠯᠤᠭᠰᠠᠨ᠃ ᠠᠵᠢᠯ ᠤᠨ ᠬᠡᠰᠡᠭ ᠲᠥᠯᠥᠪᠯᠡᠭᠡ ᠭᠠᠷᠭᠠᠭᠠᠳ ᠬᠣᠬᠢᠷᠠᠯ ᠢ ᠪᠤᠷᠤᠭᠤᠲᠠᠢ ᠡᠲᠡᠭᠡᠳ ᠦᠳ ᠢᠶᠡᠷ ᠲᠥᠯᠥᠭᠦᠯᠬᠦ ᠪᠡᠷ ᠠᠵᠢᠯᠯᠠᠵᠤ ᠪᠠᠶᠢᠭ᠎ᠠ᠃ ᠡᠨᠡ ᠪᠣᠯ ᠵᠠᠷᠴᠢᠮ ᠶᠤᠮ᠃
– ᠪᠤᠷᠤᠭᠤᠲᠠᠢ ᠡᠰᠡᠬᠦ ᠨᠢ ᠰᠢᠭᠦᠬᠦ ᠶᠢᠨ ᠰᠢᠢᠳᠪᠦᠷᠢ ᠭᠠᠷᠤᠭᠰᠠᠨ ᠤ ᠳᠠᠷᠠᠭ᠎ᠠ ᠯᠠ ᠲᠣᠳᠣᠷᠬᠠᠢ ᠪᠣᠯᠤᠨ᠎ᠠ᠃ ᠲᠡᠭᠦᠨ ᠦ ᠳᠠᠷᠠᠭ᠎ᠠ ᠪᠤᠷᠤᠭᠤᠲᠠᠢ ᠡᠲᠡᠭᠡᠳ ᠦᠳ ᠢᠶᠡᠷ ᠬᠣᠬᠢᠷᠠᠯ ᠨᠥᠬᠥᠨ ᠲᠥᠯᠦᠭᠦᠯᠦᠨ᠎ᠡ ᠭᠡᠰᠡᠨ ᠦᠭᠡ ᠦᠦ ︖
– ᠬᠠᠤᠯᠢ ᠬᠢᠨᠠᠯᠲᠠ ᠶᠢᠨ ᠪᠠᠶᠢᠭᠤᠯᠤᠯᠭ᠎ᠠ ᠶᠢᠨ ᠰᠢᠢᠳᠪᠦᠷᠢ ᠭᠠᠷᠤᠭᠰᠠᠨ ᠤ ᠳᠠᠷᠠᠭ᠎ᠠ ᠡᠨᠡ ᠠᠰᠠᠭᠤᠳᠠᠯ ᠰᠢᠢᠳᠦᠭᠳᠡᠨ᠎ᠡ᠃ ᠲᠡᠷᠡ ᠬᠦᠮᠦᠰ ᠦᠨ ᠬᠥᠷᠥᠩᠭᠡ᠂ ᠮᠥᠩᠭᠥ ᠲᠡᠢ ᠡᠰᠡᠬᠦ ᠶᠢ ᠬᠠᠤᠯᠢ ᠬᠢᠨᠠᠯᠲᠠ ᠶᠢᠨ ᠪᠠᠶᠢᠭᠤᠯᠤᠯᠭ᠎ᠠ ᠠᠴᠠ ᠲᠣᠭᠲᠠᠭᠠᠨ᠎ᠠ᠃
-ᠡᠷᠳᠡᠨᠢᠲᠦ ᠦᠢᠯᠡᠳᠪᠦᠷᠢ ᠳ᠋ᠡᠬᠢ ︽ᠡᠷᠡᠰᠳᠡᠯ ᠦᠨ ᠰᠠᠩ︾  ᠦᠨ ᠵᠠᠷᠤᠴᠠᠭᠤᠯᠤᠯᠲᠠ ᠶᠢᠨ ᠳᠣᠲᠣᠭᠠᠳᠤ ᠵᠢᠷᠤᠮ ᠤᠨ ᠲᠠᠯ᠎ᠠ ᠪᠠᠷ ᠲᠠᠨᠢᠯᠴᠠᠭᠤᠯᠤᠨ᠎ᠠ ᠤᠤ᠃ ᠬᠠᠤᠯᠢ ᠪᠤᠰᠤ ᠪᠠᠷ ᠭᠠᠷᠤᠭᠰᠠᠨ ᠮᠥᠩᠭᠥ ᠶᠢ ︽ᠡᠷᠡᠰᠳᠡᠯ ᠦᠨ ᠰᠠᠩ︾ ᠡᠴᠡ ᠲᠥᠯᠦᠵᠦ ᠪᠤᠢ ᠨᠢ ᠶᠠᠮᠠᠷ ᠤᠴᠢᠷ ᠲᠠᠢ ᠶᠤᠮ ᠪᠤᠢ ︖
– ᠪᠦᠬᠦ ᠵᠦᠢᠯ ᠬᠠᠤᠯᠢ ᠵᠢᠷᠤᠮ ᠤᠨ ᠢᠶᠠᠨ ᠳᠠᠭᠠᠤ ᠶᠠᠪᠤᠭᠳᠠᠵᠤ ᠪᠠᠶᠢᠨ᠎ᠠ᠃ ᠢᠯᠡᠭᠦᠦ ᠳᠡᠯᠭᠡᠷᠡᠩᠭᠦᠢ ᠮᠡᠳᠡᠭᠡᠯᠡᠯ ᠥᠭᠬᠦ ᠪᠣᠯᠤᠮᠵᠢ ᠦᠭᠡᠢ ᠪᠠᠶᠢᠨ᠎ᠠ᠃
– ᠰᠠᠶ᠋ᠢᠬᠠᠨ ᠡᠷᠳᠡᠨᠢᠲᠦ ᠦᠢᠯᠡᠳᠪᠦᠷᠢ ᠳᠦ ᠨᠡᠯᠢᠶᠡᠨ ᠬᠡᠳᠦᠨ ᠲᠤᠮᠢᠯᠠᠯᠭ᠎ᠠ ᠬᠢᠭᠳᠡᠭᠰᠡᠨ᠃ ᠤᠯᠤᠰ ᠲᠥᠷᠥ ᠶᠢᠨ ᠨᠥᠯᠥᠭᠡᠯᠡᠯ ᠣᠷᠣᠭᠰᠠᠨ ᠭᠡᠬᠦ ᠰᠢᠭᠦᠮᠵᠢᠯᠡᠯ ᠪᠠᠶᠢᠨ᠎ᠠ ᠂
– ᠡᠷᠳᠡᠨᠢᠲᠦ ᠦᠢᠯᠡᠳᠪᠦᠷᠢ ᠶᠢᠨ ᠲᠤᠮᠢᠯᠠᠯᠭᠠᠨ ᠳᠤ ᠶᠠᠮᠠᠷ ᠨᠢᠭᠡᠨ ᠤᠯᠤᠰ ᠲᠥᠷᠥ ᠶᠢᠨ ᠨᠥᠯᠥᠭᠡᠯᠡᠯ ᠣᠷᠣᠭ᠎ᠠ ᠦᠭᠡᠢ᠃ ᠵᠠᠰᠠᠭ ᠤᠨ ᠭᠠᠵᠠᠷ ᠣᠷᠣᠯᠴᠠᠭ᠎ᠠ ᠦᠭᠡᠢ᠃

ᠰᠡᠳᠬᠢᠭᠳᠡᠯ ᠦᠯᠡᠳᠡᠭᠡᠬᠦ