ᠲᠦᠢᠮᠡᠷ ᠦᠨ ᠭᠤᠯᠤᠮᠲᠠ ᠳᠤ  ᠰᠡᠭᠦᠳᠡᠷᠯᠡᠭᠡᠳ ᠰᠢᠭᠦᠮᠵᠢᠯᠡᠯ ᠳᠦ ᠥᠷᠲᠥᠪᠡ   | News.MN

ᠲᠦᠢᠮᠡᠷ ᠦᠨ ᠭᠤᠯᠤᠮᠲᠠ ᠳᠤ  ᠰᠡᠭᠦᠳᠡᠷᠯᠡᠭᠡᠳ ᠰᠢᠭᠦᠮᠵᠢᠯᠡᠯ ᠳᠦ ᠥᠷᠲᠥᠪᠡ  

ᠥᠩᠭᠡᠷᠡᠭᠰᠡᠨ ᠠᠮᠠᠷᠠᠯᠲᠠ ᠶᠢᠨ ᠡᠳᠦᠷ ᠦᠳ ᠲᠦ ᠨᠡᠶᠢᠰᠯᠡᠯ ᠦᠨ ᠨᠣᠭᠣᠭᠠᠨ ᠪᠥᠰᠡ ᠳᠦ ᠬᠡᠳᠦ ᠬᠡᠳᠦᠨ ᠲᠦᠢᠮᠡᠷ ᠭᠠᠷᠴᠤ᠂ 20 ᠭᠠᠷᠤᠢ ᠠᠶᠢᠯ ᠤᠨ ᠪᠠᠶᠢᠰᠢᠩ ᠰᠢᠲᠠᠵᠤ᠂ ᠪᠠᠶᠢᠭᠠᠯᠢ ᠤᠷᠴᠢᠨ ᠳᠤ ᠴᠤ ᠶᠡᠬᠡᠬᠡᠨ ᠭᠠᠷᠤᠵᠠ ᠬᠣᠬᠢᠷᠠᠯ ᠡᠭᠦᠰᠦᠭᠰᠡᠨ᠃ ᠬᠠᠷᠢᠨ ᠨᠡᠶᠢᠰᠯᠡᠯ ᠦᠨ ᠠᠭᠠᠷ ᠣᠷᠴᠢᠨ ᠤ ᠪᠤᠬᠢᠷᠳᠤᠯ ᠤᠨ ᠠᠰᠠᠭᠤᠳᠠᠯ ᠬᠠᠷᠢᠭᠤᠴᠠᠭᠰᠠᠨ ᠲᠥᠰᠥᠯ ᠦᠳ ᠦᠨ ᠤᠳᠤᠷᠢᠳᠤᠭᠴᠢ ᠶᠢᠨ ᠠᠵᠢᠯ ᠢᠶᠠᠨ ᠰᠠᠶ᠋ᠢᠬᠠᠨ ᠠᠪᠤᠭᠰᠠᠨ ᠳ∙ᠮᠥᠩᠬᠡᠵᠢᠷᠭᠠᠯ ᠳᠦᠷᠡᠯᠵᠡᠨ ᠰᠢᠲᠠᠵᠤ ᠪᠤᠢ ᠪᠠᠶᠢᠰᠢᠩ ᠤᠨ ᠡᠮᠦᠨ᠎ᠡ ᠥᠪᠡᠷ ᠦᠨ ᠵᠢᠷᠤᠭ ᠢᠶᠠᠨ ᠠᠪᠴᠤ᠂ ᠰᠢᠨᠡᠬᠡᠨ ᠠᠯᠪᠠᠨ ᠲᠤᠰᠢᠶᠠᠯ ᠢᠶᠠᠨ ᠭᠠᠶᠢᠬᠠᠭᠤᠯᠵᠠᠢ᠃ ᠡᠭᠦᠨ ᠢ ᠬᠠᠷᠠᠭᠰᠠᠨ ᠣᠯᠠᠨ ᠨᠡᠶᠢᠲᠡ  ︽ᠠᠯᠪᠠᠨ ᠲᠤᠰᠢᠶᠠᠯ ᠢᠶᠠᠨ ᠵᠠᠷᠯᠠᠬᠤ ᠥᠭᠡᠷ᠎ᠡ ᠠᠷᠭ᠎ᠠ ᠣᠯᠳᠠᠭᠰᠠᠨ ᠦᠭᠡᠢ ᠤᠤ ︾ ᠭᠡᠬᠦ ᠵᠡᠷᠭᠡ ᠪᠡᠷ ᠰᠢᠭᠦᠮᠵᠢᠯᠡᠵᠦ ᠡᠬᠢᠯᠡᠭᠰᠡᠨ ᠪᠠᠶᠢᠬᠤ ᠪᠥᠭᠡᠳ ᠭᠠᠯ ᠲᠦᠢᠮᠡᠷ ᠦᠨ  ᠡᠮᠦᠨ᠎ᠡ ᠲᠤᠬᠠᠲᠠᠢ ᠭᠡᠭᠴᠢ ᠨᠢ ᠵᠣᠭᠰᠣᠭᠰᠠᠨ ᠳ∙ᠮᠥᠩᠬᠡᠵᠢᠷᠭᠠᠯ ᠳᠠᠷᠤᠭ᠎ᠠ ᠲᠤᠩ ᠤᠳᠠᠯ ᠦᠭᠡᠢ ᠡᠳᠡᠭᠡᠷ ᠵᠢᠷᠤᠭ ᠤᠳ ᠢᠶᠠᠨ ᠴᠠᠬᠢᠮ ᠬᠠᠭᠤᠳᠠᠰᠤᠨ ᠠᠴᠠ ᠪᠠᠨ ᠤᠰᠠᠳᠬᠠᠵᠠᠢ᠃

ᠰᠡᠳᠬᠢᠭᠳᠡᠯ ᠦᠯᠡᠳᠡᠭᠡᠬᠦ