ᠠ᠊∙ᠥᠨᠢᠷᠵᠢᠷᠭᠠᠯ ᠳᠡᠯᠡᠬᠡᠢ ᠶᠢᠨ ᠠᠪᠤᠷᠭᠤ  ᠶᠢᠨ ᠲᠡᠮᠡᠴᠡᠭᠡᠨ ᠳᠦ ᠦᠷᠢᠰᠦᠯᠳᠦᠨ᠎ᠡ   | News.MN

ᠠ᠊∙ᠥᠨᠢᠷᠵᠢᠷᠭᠠᠯ ᠳᠡᠯᠡᠬᠡᠢ ᠶᠢᠨ ᠠᠪᠤᠷᠭᠤ  ᠶᠢᠨ ᠲᠡᠮᠡᠴᠡᠭᠡᠨ ᠳᠦ ᠦᠷᠢᠰᠦᠯᠳᠦᠨ᠎ᠡ  

︽ТВ ᠺᠣᠺᠲ᠋ᠧᠢᠯ︾ ᠬᠠᠮᠲᠤᠯᠢᠭ ᠤᠨ ᠵᠦᠴᠦᠭᠡᠴᠢᠨ ᠠ᠊∙ᠥᠨᠢᠷᠵᠢᠷᠭᠠᠯ ᠰᠢᠨ᠎ᠡ ᠠᠯᠪᠠᠨ ᠳᠤ ᠵᠢᠳᠬᠦᠵᠦ ᠪᠠᠶᠢᠨ᠎ᠠ᠃ ᠲᠡᠷᠡᠪᠡᠷ ᠰᠡᠭᠦᠯ ᠦᠨ ᠵᠢᠯ ᠦᠳ ᠲᠦ ᠪᠥᠬᠡ ᠶᠢᠨ ᠲᠥᠷᠥᠯ ᠡᠴᠡ ᠵᠢᠦ᠋ ᠵᠢᠴᠦ᠋ ᠶᠢ ᠰᠣᠩᠭᠣᠵᠤ᠂ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠠᠮᠵᠢᠯᠲᠠᠲᠠᠢ ᠣᠷᠣᠯᠴᠠᠵᠤ᠂ ᠲᠤᠷᠰᠢᠯᠭ᠎ᠠ ᠰᠤᠳᠤᠯᠤᠭᠰᠠᠨ ᠨᠢ ᠲᠡᠭᠦᠨ ᠳᠦ ᠰᠫᠣᠷᠲ ᠤᠨ ᠰᠠᠯᠪᠤᠷᠢ ᠳᠤ ᠬᠦᠴᠦᠨ ᠵᠢᠳᠬᠦᠬᠦ ᠪᠣᠯᠤᠮᠵᠢ ᠣᠯᠭᠤᠵᠠᠢ᠃
ᠵᠦᠴᠦᠭᠡᠴᠢᠨ ᠠ᠊∙ᠥᠨᠢᠷᠵᠢᠷᠭᠠᠯ ᠢᠷᠡᠬᠦ ᠳᠣᠯᠣᠭ᠎ᠠ ᠬᠣᠨᠣᠭ ᠲᠤ ᠠᠷᠠᠪ ᠤᠨ ᠨᠢᠭᠡᠳᠦᠭᠰᠡᠨ ᠡᠮᠢᠷᠠᠲ ᠤᠯᠤᠰ ᠤᠨ ᠠᠪᠤ ᠳ᠋ᠠᠪᠢ ᠬᠤᠲᠠ ᠳᠤ ᠪᠣᠯᠬᠤ ᠮᠠᠰᠲ᠋ᠸᠷᠰ ᠠᠩᠭᠢᠯᠠᠯ ᠤᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠣᠷᠣᠯᠴᠠᠬᠤ ᠪᠠᠷ ᠪᠣᠯᠤᠭᠰᠠᠨ ᠪᠠᠶᠢᠨ᠎ᠠ᠃ ᠲᠡᠷᠡᠪᠡᠷ ᠵᠢᠦ᠋ ᠵᠢᠴᠦ᠋ ᠶᠢᠨ ᠴᠡᠩᠬᠡᠷ ᠪᠦᠰᠡ ᠲᠠᠢ ᠡᠴᠡ ᠭᠠᠳᠠᠨ᠎ᠠ ᠮᠣᠩᠭᠣᠯ ᠤᠨ ᠵᠢᠦ᠋ ᠵᠢᠴᠦ᠋ ᠶᠢᠨ ᠬᠣᠯᠪᠣᠭᠠᠨ ᠤ ᠬᠡᠪᠯᠡᠯ ᠮᠡᠳᠡᠭᠡᠯᠡᠯ᠂ ᠮᠠᠷᠺᠧᠲ᠋ᠢᠩ ᠤᠨ ᠠᠯᠪᠠᠨ ᠤ ᠳᠠᠷᠤᠭ᠎ᠠ ᠭᠡᠰᠡᠨ ᠠᠯᠪᠠᠨ ᠲᠤᠰᠢᠶᠠᠯ ᠲᠠᠢ ᠠᠵᠠᠢ ᠃ ᠡᠨᠡ ᠵᠢᠯ ᠦᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠥᠷᠪᠡᠳᠦᠭᠡᠷ ᠰᠠᠷ᠎ᠠ ᠶᠢᠨ 20-26 ᠍ ᠤ ᠡᠳᠦᠷ ᠦᠳ ᠲᠦ ᠪᠣᠯᠬᠤ ᠪᠥᠭᠡᠳ ᠮᠠᠰᠲ᠋ᠸᠷᠰ ᠠᠩᠭᠢᠯᠠᠯ ᠳᠤ ᠵᠦᠵᠦᠭᠡᠴᠢᠨ ᠠ᠊∙ᠥᠨᠢᠷᠵᠢᠷᠭᠠᠯ ᠲᠡᠷᠢᠭᠦᠲᠡᠢ ᠲᠠᠮᠢᠷᠴᠢᠳ ᠥᠷᠢᠰᠦᠯᠳᠦᠬᠦ ᠪᠡᠷ ᠪᠣᠯᠵᠠᠢ᠃

ᠰᠡᠳᠬᠢᠭᠳᠡᠯ ᠦᠯᠡᠳᠡᠭᠡᠬᠦ