ᠮᠣᠩᠭᠣᠯ ᠤᠨ ᠰᠠᠭᠰᠤᠨ ᠪᠥᠮᠪᠥᠭᠡ ᠶᠢᠨ ᠬᠣᠯᠪᠣᠭᠠᠨ ᠤ ︽ᠭᠣᠶᠣ ︾ ᠳᠡᠭᠡᠳᠦ ᠯᠢᠭ ᠦᠨ ᠲᠣᠭᠯᠠᠯᠲᠠ ᠨᠤᠭᠤᠳ ᠡᠳᠡᠭᠡᠷ ᠡᠳᠦᠷ ᠦᠳ ᠲᠦ ᠰᠫᠣᠷᠲ ᠤᠨ ᠲᠥᠪ ᠣᠷᠳᠣᠨ ᠳᠤ ᠦᠷᠭᠦᠯᠵᠢᠯᠡᠵᠦ ᠪᠠᠶᠢᠨ᠎ᠠ᠃ ᠥᠴᠥᠭᠡᠳᠦᠷ ᠪᠣᠯᠤᠭᠰᠠᠨ ︽ᠪᠦᠬᠦ ᠣᠳᠣᠳ︾ ᠍ ᠤᠨ ᠲᠣᠭᠯᠠᠯᠲᠠ ᠶᠢᠨ ᠦᠶ᠎ᠡ ᠪᠡᠷ ᠤᠷ᠎ᠠ ᠴᠢᠳᠠᠪᠤᠷᠢ ᠶᠢᠨ ᠲᠡᠮᠡᠴᠡᠭᠡᠨ ᠵᠣᠬᠢᠶᠠᠨ ᠪᠠᠶᠢᠭᠤᠯᠵᠤ᠂ ᠰᠢᠯᠢᠳᠡᠭ ᠦᠳ ᠢ ᠲᠣᠳᠣᠷᠠᠭᠤᠯᠤᠯ᠎ᠠ᠃ ᠡᠨᠡ ᠦᠶ᠎ᠡ ᠪᠡᠷ ᠭᠠᠪᠢᠶᠠᠲᠤ ᠲᠠᠮᠢᠷᠴᠢᠨ ᠼ ∙ ᠰᠢᠷᠠᠪᠵᠠᠮᠰᠤ ᠶᠢᠨ ᠪᠠᠭ᠎ᠠ ᠬᠦᠦ ᠦᠵᠡᠭᠴᠢᠳ ᠢ ᠰᠠᠭᠤᠳᠠᠯ ᠠᠴᠠ ᠨᠢ ᠥᠨᠳᠡᠯᠵᠡᠭᠦᠯᠦᠭᠰᠡᠨ ᠨᠢᠭᠡᠨ ᠦᠵᠡᠭᠦᠯᠪᠦᠷᠢ ᠶᠢ ᠰᠤᠨᠢᠷᠬᠠᠭᠤᠯᠵᠠᠢ ᠃
ᠱ ∙ᠡᠩᠬᠡ ᠶᠢᠨ-ᠣᠳᠣ ᠴᠠᠭᠠᠷᠢᠭ ᠳᠡᠭᠡᠷ᠎ᠡ ᠡᠴᠡ ᠳᠣᠪᠲᠣᠯᠬᠤ ᠥᠷᠢᠰᠦᠯᠳᠦᠭᠡᠨ ᠦ ᠹᠢᠨᠠᠯ ᠤᠨ ᠱᠠᠲᠤᠨ ᠳᠤ 212 ᠰᠠᠨᠲ᠋ᠢᠮᠧᠲ᠋ᠷ ᠥᠨᠳᠥᠷ ᠠᠪᠤ ᠶᠢᠨ ᠢᠶᠠᠨ ᠳᠡᠭᠡᠭᠦᠷ ᠳᠠᠪᠠᠵᠤ ᠲᠣᠬᠣᠨ ᠴᠤᠭᠯᠠᠭᠰᠠᠨ ᠤᠯᠠᠨ ᠳᠤ ᠲᠣᠮᠣ ᠪᠡᠯᠡᠭ ᠪᠠᠷᠢᠪᠠ᠃ ᠱ∙ᠡᠩᠬᠡ ᠶᠢᠨ-ᠣᠳᠣ ᠰᠢᠯᠢᠳᠡᠭ ᠬᠥᠲᠥᠯᠪᠦᠷᠢ ᠦᠵᠡᠭᠦᠯᠬᠦ ᠳᠦ ᠪᠡᠨ ᠠᠪᠤ ᠶᠢᠨ ᠢᠶᠠᠨ 55 ᠳ᠋ᠤᠭᠠᠷ ᠲᠠᠢ ᠡᠮᠦᠰᠬᠡᠯ ᠢ ᠡᠮᠦᠰᠴᠡᠢ᠃ ᠭᠠᠪᠢᠶᠠᠲᠤ ᠼ∙ᠰᠢᠷᠠᠪᠵᠠᠮᠰᠤ ᠴᠠᠭᠠᠷᠢᠭ ᠳᠡᠭᠡᠷ᠎ᠡ ᠡᠴᠡ ᠳᠣᠪᠲᠣᠯᠬᠤ ᠲᠡᠮᠡᠴᠡᠭᠡᠨ ᠦ ᠳᠠᠷᠬᠠᠨ ᠠᠪᠤᠷᠭᠤ ᠨᠤᠭᠤᠳ ᠤᠨ ᠨᠢᠭᠡ ᠪᠠᠶᠢᠭᠰᠠᠨ ᠶᠤᠮ᠃ 16 ᠨᠠᠰᠤᠲᠠᠢ ᠱ∙ᠡᠩᠬᠡ ᠶᠢᠨ-ᠣᠳᠣ ︽ᠬᠠᠨ-ᠠᠭᠤᠯᠠ ᠬᠠᠨ ᠭᠠᠷᠤᠳᠢ︾ ᠪᠠᠭ ᠤᠨ ᠪᠦᠷᠢᠯᠳᠦᠬᠦᠨ ᠳᠦ ᠪᠠᠭᠲᠠᠵᠤ ᠂ ᠳᠡᠭᠡᠳᠦ ᠯᠢᠭ ᠦᠨ ᠠᠩᠬᠠᠨ ᠤ ᠤᠯᠠᠷᠢᠯ ᠢᠶᠠᠨ ᠡᠬᠢᠯᠡᠭᠦᠯᠵᠦ ᠪᠠᠶᠢᠨ᠎ᠠ᠃