︽ᠰᠤᠮᠤ ᠬᠥᠭᠵᠢᠭᠦᠯᠬᠦ ᠰᠠᠩ︾ ᠢ ᠰᠢᠯᠭᠠᠨ᠎ᠠ  | News.MN

︽ᠰᠤᠮᠤ ᠬᠥᠭᠵᠢᠭᠦᠯᠬᠦ ᠰᠠᠩ︾ ᠢ ᠰᠢᠯᠭᠠᠨ᠎ᠠ 

︽ᠰᠤᠮᠤ ᠬᠥᠭᠵᠢᠭᠦᠯᠬᠦ ᠰᠠᠩ︾ ᠍ ᠦᠨ ᠥᠨᠥ ᠶᠢᠨ ᠪᠠᠶᠢᠳᠠᠯ ᠢ ᠳ᠋ᠦᠩᠨᠡᠨ ᠴᠢᠨᠠᠭᠰᠢᠳᠠ ᠠᠪᠬᠤ ᠠᠷᠭ᠎ᠠ ᠬᠡᠮᠵᠢᠶᠡᠨ ᠦ ᠰᠠᠨᠠᠯ ᠪᠣᠯᠪᠠᠰᠤᠷᠠᠭᠤᠯᠬᠤ᠂ ᠰᠠᠩ ᠤᠨ ᠦᠷ᠎ᠡ ᠦᠭᠭᠦᠭᠡᠵᠢ ᠶᠢ ᠳᠡᠭᠡᠭᠰᠢᠯᠡᠭᠦᠯᠬᠦ᠂ ᠬᠢᠨᠠᠯᠲᠠ ᠶᠢᠨ ᠲᠣᠭᠲᠠᠯᠴᠠᠭ᠎ᠠ ᠶᠢ ᠪᠣᠯᠪᠠᠰᠤᠷᠠᠩᠭᠤᠢ ᠪᠣᠯᠭᠠᠬᠤ ᠵᠣᠷᠢᠯᠭ᠎ᠠ ᠪᠠᠷ ᠤᠯᠤᠰ ᠤᠨ ᠦᠵᠡᠯᠭᠡ ᠶᠠᠪᠤᠭᠤᠯᠬᠤ ᠪᠠᠷ ᠪᠣᠯᠵᠠᠢ᠃ ᠦᠵᠡᠯᠭᠡ ᠶᠢᠨ ᠦᠷ᠎ᠡ ᠳ᠋ᠦᠩ ᠢ ᠳᠣᠯᠣᠳᠤᠭᠠᠷ ᠰᠠᠷ᠎ᠠ ᠶᠢᠨ 1 ᠦ ᠳᠣᠲᠣᠷ᠎ᠠ ᠵᠠᠰᠠᠭ ᠤᠨ ᠭᠠᠵᠠᠷ ᠤᠨ ᠬᠤᠷᠠᠯᠳᠤᠭᠠᠨ ᠳᠤ ᠲᠠᠨᠢᠯᠴᠠᠭᠤᠯᠬᠤ ᠶᠤᠮ ᠪᠠᠶᠢᠨ᠎ᠠ᠃ 2018 ᠣᠨ ᠤ ᠡᠴᠦᠰ ᠦᠨ ᠪᠠᠶᠢᠳᠠᠯ ᠢᠶᠠᠷ 38 500 ᠭᠠᠷᠤᠢ ᠢᠷᠭᠡᠨ᠂ ᠠᠵᠤ ᠠᠬᠤᠢ ᠶᠢᠨ ᠨᠢᠭᠡᠴᠡ ᠥᠰᠦᠭᠰᠡᠨ  ᠳ᠋ᠦᠩ ᠢᠶᠡᠷ 187 ᠲᠡᠷᠪᠤᠮ 500 ᠭᠠᠷᠤᠢ ᠰᠠᠶ᠎ᠠ ᠲᠥᠭᠥᠷᠢᠭ ᠦᠨ ᠵᠢᠭᠡᠯᠡ ᠠᠪᠴᠠᠢ᠃ ᠡᠭᠦᠨ ᠦ ᠳ᠋ᠦᠩ ᠳᠦ 34 790 ᠠᠵᠢᠯ ᠤᠨ ᠪᠠᠶᠢᠷᠢ ᠰᠢᠨ᠎ᠡ ᠪᠡᠷ ᠪᠤᠢ ᠪᠣᠯᠵᠤ᠂ 20 373 ᠠᠵᠢᠯ ᠤᠨ ᠪᠠᠶᠢᠷᠢ ᠬᠠᠳᠠᠭᠠᠯᠠᠭᠳᠠᠵᠠᠢ᠃ ᠰᠠᠩ 89 ᠲᠡᠷᠪᠤᠮ ᠭᠠᠷᠤᠢ ᠲᠥᠭᠥᠷᠢᠭ ᠦᠨ ᠠᠪᠤᠯᠭ᠎ᠠ ᠲᠠᠢ ᠪᠠᠶᠢᠨ᠎ᠠ᠃

ᠰᠡᠳᠬᠢᠭᠳᠡᠯ ᠦᠯᠡᠳᠡᠭᠡᠬᠦ