ᠤᠯᠤᠰ ᠤᠨ ᠶᠡᠬᠡ ᠬᠤᠷᠠᠯ ᠤᠨ ᠭᠡᠰᠢᠭᠦᠨ ᠪ∙ᠫᠦᠷᠪᠦᠳᠣᠷᠵᠢ ᠮᠣᠩᠭᠣᠯ ᠪᠠᠩᠬᠢᠨ ᠤ ᠶᠡᠷᠦᠩᠬᠡᠶᠢᠯᠡᠭᠴᠢ ᠨ∙ ᠪᠠᠶᠠᠷᠲᠤᠰᠠᠶᠢᠬᠠᠨ ᠢ ᠴᠢᠯᠦᠭᠡᠯᠡᠬᠦ ᠰᠠᠨᠠᠯ ᠢ ᠤᠯᠤᠰ ᠤᠨ ᠶᠡᠬᠡ ᠬᠤᠷᠠᠯ ᠳᠦ ᠡᠷᠭᠦᠨ ᠮᠡᠳᠡᠭᠦᠯᠦᠭᠰᠡᠨ᠃ ᠲᠡᠷᠡᠪᠡᠷ ᠮᠣᠩᠭᠣᠯ ᠪᠠᠩᠬᠢᠨ ᠤ ᠶᠡᠷᠦᠩᠬᠡᠶᠢᠯᠡᠭᠴᠢ ᠶᠢ ᠬᠠᠷᠢᠭᠤᠴᠠᠭᠰᠠᠨ ᠠᠵᠢᠯ ᠳᠤ ᠪᠠᠨ ᠬᠠᠷᠢᠭᠤᠴᠠᠯᠭ᠎ᠠ ᠦᠭᠡᠢ ᠬᠠᠨᠳᠤᠵᠤ᠂ ᠮᠠᠭᠤ ᠠᠵᠢᠯᠯᠠᠭᠰᠠᠨ ᠭᠡᠬᠦ ᠦᠨᠳᠦᠰᠦᠯᠡᠯ ᠢᠶᠡᠷ ᠤᠭᠴᠠᠷᠠᠭᠤᠯᠬᠤ ᠰᠠᠨᠠᠯ ᠢ ᠭᠠᠷᠭᠠᠭᠰᠠᠨ ᠭᠡᠳᠡᠭ᠃ ᠡᠭᠦᠨ ᠲᠡᠢ ᠬᠣᠯᠪᠣᠭᠳᠠᠭᠤᠯᠤᠨ ᠨ∙ᠪᠠᠶᠠᠷᠲᠤᠰᠠᠶᠢᠬᠠᠨ ᠲᠠᠢ ᠶᠠᠷᠢᠯᠴᠠᠯ᠎ᠠ᠃
– ᠲᠠᠨ ᠢ ᠠᠵᠢᠯ ᠢᠶᠠᠨ ᠬᠠᠩᠭᠠᠯᠲᠠ ᠦᠭᠡᠢ ᠬᠢᠭᠰᠡᠨ ᠭᠡᠬᠦ ᠦᠨᠳᠦᠰᠦᠯᠡᠯ ᠢᠶᠡᠷ ᠤᠭᠴᠠᠷᠠᠭᠤᠯᠬᠤ ᠰᠠᠨᠠᠯ ᠡᠷᠭᠦᠨ ᠮᠡᠳᠡᠭᠦᠯᠦᠭᠰᠡᠨ᠃ ᠲᠠ ᠡᠭᠦᠨ ᠲᠡᠢ ᠰᠠᠨᠠᠯ ᠨᠡᠶᠢᠯᠡᠬᠦ ᠦᠦ︖
-ᠤᠯᠤᠰ ᠤᠨ ᠶᠡᠬᠡ ᠬᠤᠷᠠᠯ ᠤᠨ ᠭᠡᠰᠢᠭᠦᠨ ᠪᠦᠷᠢᠨ ᠡᠷᠬᠡ ᠶᠢᠨ ᠢᠶᠡᠨ ᠬᠦᠷᠢᠶᠡᠨ ᠳᠦ ᠲᠠᠯᠪᠢᠭᠰᠠᠨ ᠠᠰᠠᠭᠤᠳᠠᠯ᠃ ᠴᠢᠭᠤᠯᠭᠠᠨ ᠤ ᠬᠤᠷᠠᠯᠳᠤᠭᠠᠨ ᠢᠶᠠᠷ ᠬᠡᠯᠡᠯᠴᠡᠭᠡᠳ ᠰᠢᠢᠳᠪᠦᠷᠢᠯᠡᠬᠦ ᠪᠠᠶᠢᠬᠤ᠃
– ᠲᠠ ᠥᠪᠡᠷ ᠢᠶᠠᠨ ᠰᠠᠶᠢᠨ ᠠᠵᠢᠯᠯᠠᠭᠰᠠᠨ ᠭᠡᠵᠦ ᠳ᠋ᠦᠩᠨᠡᠵᠦ ᠪᠠᠶᠢᠭ᠎ᠠ ᠤᠤ ︖
– ᠪᠢ ᠠᠵᠢᠯ ᠢᠶᠠᠨ ᠰᠠᠶᠢᠨ ᠬᠢᠭᠰᠡᠨ ᠭᠡᠵᠦ ᠳ᠋ᠦᠩᠨᠡᠵᠦ ᠪᠠᠶᠢᠨ᠎ᠠ᠃
– ᠺᠠᠫᠢᠲ᠋ᠠᠯ ᠪᠠᠩᠬᠢᠨ ᠤ ᠦᠢᠯᠡ ᠠᠵᠢᠯᠯᠠᠭ᠎ᠠ 2015 ᠣᠨ ᠠᠴᠠ ᠳᠣᠭᠣᠯᠳᠠᠵᠤ ᠡᠬᠢᠯᠡᠭᠰᠡᠨ ᠭᠡᠳᠡᠭ᠃ ᠲᠤᠰ ᠪᠠᠩᠺᠠᠨ ᠳᠤ ᠡᠷᠲᠡ ᠠᠷᠭ᠎ᠠ ᠬᠡᠮᠵᠢᠶ᠎ᠡ ᠠᠪᠤᠭ᠎ᠠ ᠦᠭᠡᠢ ᠤᠴᠢᠷ ᠰᠢᠯᠲᠠᠭᠠᠨ ᠨᠢ ᠶᠠᠭᠤ ᠶᠤᠮ ᠪᠤᠢ ︖
– ᠪᠢᠳᠡ ᠣᠯᠠᠨ ᠤᠯᠤᠰ ᠤᠨ ᠸᠠᠯᠢᠶᠤᠲ ᠤᠨ ᠰᠠᠩ ᠤᠨ ᠬᠥᠲᠥᠯᠪᠦᠷᠢ ᠶᠢ ᠬᠡᠷᠡᠭᠵᠢᠭᠦᠯᠵᠦ ᠪᠠᠶᠢᠨ᠎ᠠ᠃ 2017 ᠣᠨ ᠳᠤ ᠮᠣᠩᠭᠣᠯ ᠤᠨ 14 ᠪᠠᠩᠭᠢ ᠳᠤ ᠠᠺᠲ᠋ᠢᠪ ᠤᠨ ᠴᠢᠨᠠᠷ ᠤᠨ ᠦᠨᠡᠯᠡᠭᠡ ᠬᠢᠯᠭᠡᠭᠰᠡᠨ᠃ ᠡᠨᠡ ᠦᠨᠡᠯᠡᠭᠡᠨ ᠦ ᠦᠷ᠎ᠡ ᠳ᠋ᠦᠩ ᠢᠶᠡᠷ ᠵᠢᠷᠭᠤᠭᠠᠨ ᠪᠠᠩᠬᠢ ᠬᠥᠷᠥᠩᠭᠡ ᠶᠢᠨ ᠳᠤᠲᠠᠭᠳᠠᠯ ᠲᠠᠢ ᠭᠠᠷᠤᠭᠰᠠᠨ᠃ ᠡᠳᠡᠭᠡᠷ ᠪᠠᠩᠬᠢ ᠨᠤᠭᠤᠳ ᠲᠤ 2018 ᠣᠨ ᠤ 12 ᠰᠠᠷ᠎ᠠ ᠶᠢᠨ 31 ᠤ ᠳᠣᠲᠣᠷ᠎ᠠ ᠬᠥᠷᠥᠩᠭᠡ ᠶᠢᠨ ᠳᠤᠲᠠᠭᠳᠠᠯ ᠢᠶᠡᠨ ᠨᠥᠬᠥᠬᠥ ᠳᠠᠭᠠᠭᠠᠯᠭᠠᠪᠤᠷᠢ ᠶᠢ ᠥᠭᠭᠦᠭᠰᠡᠨ᠃ ᠲᠠᠪᠤᠨ ᠪᠠᠩᠬᠢ ᠥᠪᠡᠷ ᠦᠨ ᠬᠥᠷᠥᠩᠭᠡ ᠶᠢᠨ ᠳᠤᠲᠠᠭᠳᠠᠯ ᠢ ᠨᠥᠬᠦᠭᠰᠡᠨ᠃ ᠨᠢᠭᠡ ᠪᠠᠩᠬᠢ ᠥᠪᠡᠷ ᠦᠨ ᠬᠥᠷᠥᠩᠭᠡ ᠶᠢᠨ ᠳᠤᠲᠠᠭᠳᠠᠯ ᠢ ᠨᠥᠬᠦᠭᠰᠡᠨ ᠦᠭᠡᠢ᠃ ᠲᠡᠶᠢᠮᠦ ᠡᠴᠡ ᠪᠠᠩᠬᠢᠨ ᠤ ᠲᠤᠬᠠᠢ ᠬᠠᠤᠯᠢ ᠶᠢᠨ ᠳᠠᠭᠠᠤ ᠠᠷᠭ᠎ᠠ ᠬᠡᠮᠵᠢᠶ᠎ᠡ ᠠᠪᠤᠭᠰᠠᠨ᠃