ᠮᠣᠩᠭᠣᠯ ᠤᠯᠤᠰ ᠤᠨ ᠲᠥᠷᠥ ᠶᠢᠨ ᠬᠣᠱᠣᠢ ᠱᠠᠩᠨᠠᠯᠲᠤ ᠴ∙ᠯᠣᠳᠤᠶᠢᠳᠠᠮᠪᠠ ᠶᠢᠨ ᠵᠣᠬᠢᠶᠠᠯ ︽ᠭᠠᠷ ᠤᠨ ᠲᠠᠪᠤᠨ ᠬᠤᠷᠤᠭᠤ ︾ ᠺᠢᠨᠤ᠋ ᠶᠢᠨ ᠪᠢᠴᠢᠬᠠᠨ ᠵᠦᠴᠦᠭᠡᠴᠢᠳ 37 ᠵᠢᠯ ᠦᠨ ᠳᠠᠷᠠᠭ᠎ᠠ ᠠᠭᠤᠯᠵᠠᠵᠠᠢ᠃ ᠡᠳᠦᠭᠡ ᠲᠡᠳᠡ ᠰᠠᠶᠢᠬᠠᠨ ᠭᠡᠷ ᠪᠦᠯᠢ ᠶᠢᠨ ᠲᠦᠰᠢᠭ ᠲᠤᠯᠭᠠᠭᠤᠷᠢ᠂ ᠬᠠᠯᠠᠮᠵᠢᠲᠤ ᠬᠠᠨᠢ᠂ ᠡᠩᠬᠦᠷᠡᠢ ᠦᠷᠡᠰ ᠦᠨ ᠠᠪᠤ ᠡᠵᠢ ᠪᠤᠯᠵᠠᠭᠠᠭᠰᠠᠨ ᠶᠤᠮ᠃ ᠤᠭ ᠺᠢᠨᠣ᠋ ᠨᠢ 1983 ᠣᠨ ᠳᠤ ᠠᠩᠬ᠎ᠠ ᠦᠵᠡᠭᠴᠢᠳ ᠦᠨ ᠬᠦᠷᠲᠡᠭᠡᠯ ᠪᠣᠯᠵᠤ ᠪᠠᠶᠢᠪᠠ᠃ ᠵᠢᠷᠤᠭ ᠠᠪᠤᠯᠲᠠ 1981 ᠣᠨ ᠤ ᠰᠡᠭᠦᠯᠴᠢ ᠪᠡᠷ ᠳᠠᠷᠬᠠᠨ-ᠠᠭᠤᠯᠠ ᠠᠶᠢᠮᠠᠭ ᠲᠤ ᠬᠢᠭᠳᠡᠵᠦ᠂ ᠵᠢᠯ ᠦᠨ ᠳᠥᠷᠪᠡᠨ ᠤᠯᠠᠷᠢᠯ ᠦᠷᠭᠦᠯᠵᠢᠯᠡᠵᠡᠢ ᠃ ᠺᠢᠨᠤ᠋ ᠶᠢᠨ ᠬᠠᠮᠤᠭ ᠤᠨ ᠪᠢᠴᠢᠬᠠᠨ ᠵᠦᠴᠦᠭᠡᠴᠢᠳ ᠪᠣᠯᠬᠤ ᠢᠳᠡᠷ᠂ ᠡᠯᠪᠡᠭ᠂ ᠭᠡᠷᠡᠯ ᠨᠠᠷ ᠪᠣᠯᠤᠨ ᠪᠤᠰᠤᠳ ᠤᠷᠠᠨ ᠪᠦᠲᠦᠭᠡᠯᠴᠢᠳ 37 ᠵᠢᠯ ᠦᠨ ᠳᠠᠷᠠᠭ᠎ᠠ ᠡᠶᠢᠨ ᠬᠦ ᠠᠭᠤᠯᠵᠠᠭᠰᠠᠨ ᠪᠠᠶᠢᠨ᠎ᠠ᠃
ᠢᠳᠡᠷ ᠦᠨ ᠳᠦᠷᠢ ᠳᠦ ᠲᠣᠭᠯᠠᠭᠰᠠᠨ ᠨ∙ᠪᠠᠲᠤ-ᠠᠮᠤᠭᠤᠯᠠᠩ ᠢ᠊∙ᠨᠢᠮᠠᠭᠠᠸᠠ ᠨᠠᠶᠢᠷᠠᠭᠤᠯᠤᠭᠴᠢ ᠶᠢᠨ ᠬᠦᠦ ᠪᠥᠭᠡᠳ ᠡᠵᠢ ᠲᠡᠢ ᠪᠡᠨ ᠬᠠᠮᠲᠤ ᠶᠢᠰᠦᠨ ᠨᠠᠰᠤᠲᠠᠢ ᠳᠤ ᠪᠠᠨ ᠲᠣᠭᠯᠠᠭᠰᠠᠨ ᠪᠠᠶᠢᠨ᠎ᠠ᠃ ᠬᠠᠷᠢᠨ ᠮᠣᠳᠣᠨ ᠵᠠᠷᠠᠭᠠᠨ ᠤ ᠡᠵᠡᠨ᠂ ᠬᠥᠭᠡᠷᠦᠬᠦᠨ ᠭᠡᠷᠡᠯ ᠪᠤᠶᠤ ᠪ∙ᠭᠠᠨᠲᠢᠭᠮᠠ ᠶᠢ ᠠᠷᠠᠳ ᠲᠦᠮᠡᠨ ᠮᠤᠩᠭᠤᠯ ᠤᠨ ᠤᠯᠠᠨ ᠨᠡᠶᠢᠲᠡ ᠶᠢᠨ ᠷᠠᠳᠢᠤ᠋᠍ ᠲᠸᠯᠸᠢᠰ ᠦᠨ ᠨᠡᠪᠲᠡᠷᠡᠭᠦᠯᠦᠭᠴᠢ ᠭᠡᠳᠡᠭ ᠢᠶᠡᠷ ᠨᠢ ᠠᠨᠳᠤᠬᠤ ᠦᠭᠡᠢ᠃ ᠲᠡᠷᠡᠪᠡᠷ ᠮᠣᠩᠭᠣᠯ ᠤᠯᠤᠰ ᠤᠨ ᠭᠠᠪᠢᠶᠠᠲᠤ ᠵᠦᠴᠦᠭᠡᠴᠢᠨ ᠱ∙ᠳᠡᠯᠭᠡᠷᠵᠢᠷᠭᠠᠯ ᠤᠨ ᠥᠬᠢᠨ ᠪᠢᠯᠡ᠃ ᠬᠠᠷᠢᠨ ᠡᠯᠪᠡᠭ ᠪᠤᠶᠤ ᠮ∙ᠪᠠᠲᠤᠬᠡᠰᠢᠭ ᠮᠣᠩᠭᠣᠯ ᠤᠯᠤᠰ ᠤᠨ ᠭᠠᠪᠢᠶᠠᠲᠤ ᠵᠦᠴᠦᠭᠡᠴᠢᠨ ᠪ∙ᠮᠠᠭᠰᠠᠷ ᠭᠤᠸᠠᠢ ᠶᠢᠨ ᠬᠦᠦ ᠪᠥᠭᠡᠳ ᠵᠠᠮ ᠤᠨ-ᠡᠭᠦᠳᠡ ᠳᠦ ᠠᠮᠢᠳᠤᠷᠠᠳᠠᠭ ᠠᠵᠠᠢ᠃