ᠮᠣᠩᠭᠣᠯ ᠠᠴᠠ ᠰᠢᠨ᠎ᠡ ᠲᠥᠷᠥᠯ ᠦᠨ ᠦᠯᠭᠡ ᠭᠦᠷᠪᠡᠯ ᠣᠯᠳᠠᠵᠠᠢ | News.MN

ᠮᠣᠩᠭᠣᠯ ᠠᠴᠠ ᠰᠢᠨ᠎ᠡ ᠲᠥᠷᠥᠯ ᠦᠨ ᠦᠯᠭᠡ ᠭᠦᠷᠪᠡᠯ ᠣᠯᠳᠠᠵᠠᠢ

ᠮᠣᠩᠭᠣᠯ ᠤᠨ ᠫᠠᠯᠸᠤᠨᠲ᠋ᠤᠯᠤᠭᠢᠴᠢ ᠡᠷᠳᠡᠮᠲᠡᠳ ᠭᠣᠪᠢ ᠠᠴᠠ ᠦᠯᠭᠡ ᠭᠦᠷᠪᠡᠯ ᠦᠨ ᠤᠷᠢᠳᠤ ᠡᠮᠦᠨ᠎ᠡ ᠰᠢᠨᠵᠢᠯᠡᠬᠦ ᠤᠬᠠᠭᠠᠨ ᠳᠤ ᠮᠡᠳᠡᠭᠳᠡᠭᠡ ᠦᠭᠡᠢ ᠲᠥᠷᠥᠯ ᠵᠦᠢᠯ ᠢ ᠢᠯᠡᠷᠡᠭᠦᠯᠵᠡᠢ᠃ Hadrosauridae ᠦᠨ ᠲᠥᠷᠥᠯ ᠵᠦᠢᠯ ᠳᠦ ᠬᠠᠮᠢᠶᠠᠷᠬᠤ ᠤᠭ ᠦᠯᠭᠡ ᠭᠦᠷᠪᠡᠯ 90 ᠰᠠᠶ᠎ᠠ ᠵᠢᠯ ᠦᠨ ᠡᠮᠦᠨ᠎ᠡ ᠮᠣᠩᠭᠣᠯ ᠤᠨ ᠭᠣᠪᠢ ᠳᠤ ᠠᠮᠢᠳᠤᠷᠠᠵᠤ ᠪᠠᠶᠢᠵᠠᠢ᠃  ᠡᠨᠡᠬᠦ ᠲᠥᠷᠥᠯ ᠦᠨ ᠦᠯᠭᠡ ᠭᠦᠷᠪᠡᠯ ᠦᠨ ᠪᠦᠯᠦᠭ ᠢ ︽ᠨᠤᠭᠤᠰᠤᠨ ᠬᠣᠰᠢᠭᠤᠲᠤ ᠦᠯᠭᠡ ᠭᠦᠷᠪᠡᠯ ᠦᠨ ᠪᠦᠯᠦᠭ︾ ᠭᠡᠵᠦ ᠨᠡᠷᠡᠯᠡᠬᠦ ᠨᠢ ᠴᠤ ᠪᠠᠶᠢᠳᠠᠭ ᠃
ᠳ᠋ᠣᠺᠲ᠋ᠣᠷ ᠬ∙ᠴᠣᠭᠲᠤᠪᠠᠭᠠᠲᠤᠷ ᠤᠨ ᠦᠭᠦᠯᠡᠭᠰᠡᠨ ᠢᠶᠡᠷ ᠮᠣᠩᠭᠣᠯ ᠤᠨ ᠭᠣᠪᠢ ᠠᠴᠠ ᠣᠯᠳᠠᠭᠰᠠᠨ ᠰᠢᠨ᠎ᠡ ᠵᠦᠢᠯ ᠨᠢ ᠤᠷᠢᠳᠤ ᠡᠮᠦᠨ᠎ᠡ ᠨᠢ ᠢᠯᠡᠷᠡᠭᠰᠡᠨ Hadrosauridae᠍ ᠠᠴᠠ ᠠᠨᠠᠲ᠋ᠣᠮᠢ ᠶᠢᠨ ᠬᠤᠪᠢ ᠳᠤ ᠢᠯᠭᠠᠭ᠎ᠠ ᠲᠠᠢ ᠴᠤ ᠮᠠᠰᠢ ᠣᠯᠠᠨ ᠲᠠᠯ᠎ᠠ ᠪᠠᠷ ᠲᠥᠰᠲᠡᠢ ᠪᠣᠯᠬᠤ ᠶᠢ ᠡᠷᠳᠡᠮᠲᠡᠳ ᠲᠣᠭᠲᠠᠭᠠᠭᠰᠠᠨ ᠪᠠᠶᠢᠨ᠎ᠠ ᠃Gobihadros mongoliensis ᠬᠡᠮᠡᠬᠦ ᠨᠡᠷ᠎ᠡ ᠠᠪᠤᠭᠰᠠᠨ ᠤᠭ ᠭᠦᠷᠪᠡᠯ ᠦᠨ ᠠᠷᠠᠭ ᠶᠠᠰᠤ ᠪᠦᠲᠦᠨ ᠢᠶᠡᠷ ᠢᠶᠡᠨ ᠬᠠᠳᠠᠭᠠᠯᠠᠭᠳᠠᠵᠤ ᠦᠯᠡᠳᠡᠭᠰᠡᠨ ᠡᠷᠳᠡᠮᠲᠡᠳ ᠶᠠᠷᠢᠵᠤ ᠪᠠᠶᠢᠭ᠎ᠠ ᠪᠥᠭᠡᠳ ᠬᠣᠵᠢᠭᠤ  ᠴᠡᠷᠳᠡ ᠶᠢᠨ ᠭᠠᠯᠪᠠ ᠶᠢᠨ ᠦᠶ᠎ᠡ ᠠᠮᠢᠳᠤᠷᠠᠵᠤ  ᠪᠠᠶᠢᠵᠠᠢ ᠃

ᠰᠡᠳᠬᠢᠭᠳᠡᠯ ᠦᠯᠡᠳᠡᠭᠡᠬᠦ