ᠵᠢᠵᠢᠭ᠂ ᠳᠤᠮᠳᠠ ᠦᠢᠯᠡᠳᠪᠦᠷᠢ ᠶᠢ ᠳᠡᠮᠵᠢᠬᠦ ᠬᠥᠲᠥᠯᠪᠦᠷᠢ ᠶᠢ ᠪᠠᠲᠤᠯᠠᠯ᠎ᠠ | News.MN

ᠵᠢᠵᠢᠭ᠂ ᠳᠤᠮᠳᠠ ᠦᠢᠯᠡᠳᠪᠦᠷᠢ ᠶᠢ ᠳᠡᠮᠵᠢᠬᠦ ᠬᠥᠲᠥᠯᠪᠦᠷᠢ ᠶᠢ ᠪᠠᠲᠤᠯᠠᠯ᠎ᠠ

ᠵᠠᠰᠠᠭ ᠤᠨ ᠭᠠᠵᠠᠷ ᠤᠨ ᠥᠨᠥᠳᠥᠷ ᠦᠨ ᠡᠭᠡᠯᠵᠢᠲᠦ ᠬᠤᠷᠠᠯᠳᠤᠭᠠᠨ ᠢᠶᠠᠷ ᠵᠢᠵᠢᠭ᠂ ᠳᠤᠮᠳᠠ ᠦᠢᠯᠡᠳᠪᠦᠷᠢ ᠶᠢ ᠳᠡᠮᠵᠢᠬᠦ ᠦᠨᠳᠦᠰᠦᠨ ᠦ ᠬᠥᠲᠥᠯᠪᠦᠷᠢ ᠶᠢ ᠪᠠᠲᠤᠯᠠᠯ᠎ᠠ᠃ ᠬᠥᠲᠥᠯᠪᠦᠷᠢ ᠶᠢ ᠤᠯᠤᠰ ᠤᠨ ᠬᠡᠮᠵᠢᠶᠡᠨ ᠳᠦ ᠬᠡᠷᠡᠭᠵᠢᠭᠦᠯᠬᠦ ᠠᠷᠭ᠎ᠠ ᠬᠡᠮᠵᠢᠶᠡᠨ ᠦ ᠲᠥᠯᠥᠪᠯᠡᠭᠡ ᠪᠠᠲᠤᠯᠠᠨ ᠬᠡᠷᠡᠭᠵᠢᠭᠦᠯᠵᠦ᠂ ᠪᠡᠶᠡᠯᠡᠯᠲᠡ ᠳᠦ ᠬᠢᠨᠠᠯᠲᠠ ᠲᠠᠯᠪᠢᠵᠤ ᠠᠵᠢᠯᠯᠠᠬᠤ ᠶᠢ ᠰᠠᠶᠢᠳ ᠴ∙ᠤᠯᠠᠭᠠᠨ ᠳᠤ ᠳᠠᠭᠠᠭᠠᠯᠭᠠᠪᠠ᠃ ᠬᠥᠷᠥᠩᠭᠡ ᠶᠢ ᠤᠯᠤᠰ᠂ ᠣᠷᠣᠨ ᠨᠤᠲᠤᠭ ᠤᠨ ᠲᠥᠰᠥᠪ᠂ ᠵᠢᠯ ᠪᠦᠷᠢ ᠶᠢᠨ ᠦᠨᠳᠦᠰᠦᠨ ᠴᠢᠭᠯᠡᠯ ᠳᠦ ᠲᠤᠰᠬᠠᠨ᠂ ᠭᠠᠳᠠᠭᠠᠳᠤ ᠤᠯᠤᠰ᠂ ᠣᠯᠠᠨ ᠤᠯᠤᠰ ᠤᠨ ᠪᠠᠶᠢᠭᠤᠯᠤᠯᠭ᠎ᠠ ᠶᠢᠨ  ᠵᠢᠭᠡᠯᠡ᠂ ᠲᠤᠰᠠᠯᠠᠮᠵᠢ ᠠᠴᠠ ᠭᠠᠷᠭᠠᠬᠤ ᠶᠤᠮ ᠪᠠᠶᠢᠨ᠎ᠠ᠃
ᠬᠥᠲᠥᠯᠪᠦᠷᠢ ᠶᠢ 2019-2022 ᠣᠨ ᠳᠤ ᠬᠣᠶᠠᠷ ᠦᠶ᠎ᠡ ᠱᠠᠲᠤ ᠲᠠᠢ ᠬᠡᠷᠡᠭᠵᠢᠭᠦᠯᠦᠨ᠎ᠡ᠃ ᠢᠩᠭᠢᠭᠰᠡᠨ ᠢᠶᠡᠷ ᠵᠢᠵᠢᠭ᠂ ᠳᠤᠮᠳᠠ ᠦᠢᠯᠡᠳᠪᠦᠷᠢ ᠨᠦᠭᠦᠳ ᠲᠧᠭᠨᠢᠭ ᠲᠧᠭᠨᠣᠯᠣᠭᠢ ᠶᠢᠨ ᠰᠢᠨᠡᠴᠢᠯᠡᠯ ᠬᠢᠵᠦ᠂ ᠦᠷ᠎ᠡ ᠠᠰᠢᠭ ᠢᠶᠠᠨ ᠨᠡᠮᠡᠭᠳᠡᠭᠦᠯᠬᠦ᠂ ᠪᠦᠲᠦᠭᠡᠭᠳᠡᠬᠦᠨ ᠦ ᠥᠷᠢᠰᠥᠯᠳᠥᠬᠦ ᠴᠢᠳᠠᠪᠤᠷᠢ ᠳᠡᠭᠡᠭᠰᠢᠯᠡᠵᠦ᠂ ᠢᠮᠫᠣᠷᠲ ᠢ ᠤᠷᠤᠯᠠᠬᠤ᠂ ᠡᠺᠰᠫᠣᠷᠲ ᠤᠨ ᠪᠠᠷᠢᠮᠵᠢᠶ᠎ᠠ ᠲᠠᠢ ᠦᠢᠯᠡᠳᠪᠦᠷᠢᠯᠡᠯ ᠬᠥᠭᠵᠢᠬᠦ ᠳᠦ ᠲᠦᠯᠬᠢᠴᠡ ᠦᠵᠡᠭᠦᠯᠦᠨ᠎ᠡ ᠭᠡᠵᠦ ᠲᠣᠭᠠᠴᠠᠭᠠᠯᠠᠵᠤ ᠪᠠᠶᠢᠨ᠎ᠠ᠃  ᠵᠢᠵᠢᠭ᠂ ᠳᠤᠮᠳᠠ ᠦᠢᠯᠡᠳᠪᠦᠷᠢ ᠶᠢᠨ ᠳᠣᠲᠣᠭᠠᠳᠤ ᠶᠢᠨ ᠨᠡᠶᠢᠲᠡ ᠪᠦᠲᠦᠭᠡᠭᠳᠡᠬᠦᠨ ᠳᠦ ᠡᠵᠡᠯᠡᠬᠦ 17.3  ᠬᠤᠪᠢ ᠶᠢ 21 ᠬᠤᠪᠢ᠂  ᠡᠺᠰᠫᠤᠷᠲ ᠲᠤ ᠡᠵᠡᠯᠡᠬᠦ  ᠬᠤᠪᠢ ᠶᠢ 5.3 ᠬᠤᠪᠢ ᠳᠤ ᠬᠦᠷᠭᠡᠵᠦ᠂ ᠰᠢᠨ᠎ᠡ ᠪᠡᠷ 30 ᠮᠢᠩᠭᠠᠨ ᠠᠵᠢᠯ ᠤᠨ ᠪᠠᠶᠢᠷᠢ ᠪᠤᠢ ᠪᠣᠯᠤᠨ᠎ᠠ ᠭᠡᠵᠦ ᠦᠵᠡᠵᠡᠢ᠃ 2017 ᠣᠨ ᠤ ᠪᠠᠶᠢᠳᠠᠯ ᠢᠶᠠᠷ ᠪᠦᠷᠢᠳᠬᠡᠯ ᠲᠡᠢ 155 ᠮᠢᠩᠭ᠎ᠠ ᠭᠠᠷᠤᠢ ᠠᠵᠤ ᠠᠬᠤᠢ ᠶᠢᠨ ᠨᠢᠭᠡᠴᠡ ᠶᠢᠨ 78 ᠮᠢᠩᠭ᠎ᠠ ᠭᠠᠷᠤᠢ ᠨᠢ ᠦᠢᠯᠡ ᠠᠵᠢᠯᠯᠠᠭ᠎ᠠ ᠶᠠᠪᠤᠭᠤᠯᠵᠤ ᠪᠠᠶᠢᠨ᠎ᠠ᠃ ᠡᠳᠡᠭᠡᠷ ᠦᠨ 60 ᠮᠢᠩᠭ᠎ᠠ ᠭᠠᠷᠤᠢ ᠨᠢ ᠵᠢᠵᠢᠭ᠂ ᠳᠤᠮᠳᠠ ᠦᠢᠯᠡᠳᠪᠦᠷᠢ  ᠪᠥᠭᠡᠳ 900 ᠭᠠᠷᠤᠢ ᠮᠢᠩᠭᠠᠨ ᠬᠦᠮᠦᠨ ᠠᠵᠢᠯᠯᠠᠳᠠᠭ ᠭᠡᠰᠡᠨ ᠰᠤᠳᠤᠯᠭ᠎ᠠ ᠭᠠᠷᠴᠠᠢ᠃

ᠰᠡᠳᠬᠢᠭᠳᠡᠯ ᠦᠯᠡᠳᠡᠭᠡᠬᠦ