ᠰᠢᠳᠤᠷᠭᠤ ᠶᠣᠰᠣᠨ ᠤ ᠥᠭᠦᠯᠡᠯᠭᠡ ᠶᠢᠨ ᠵᠢᠷᠤᠭᠲᠤ ᠨᠤᠮ ᠭᠠᠷᠤᠯ᠎ᠠ | News.MN

ᠰᠢᠳᠤᠷᠭᠤ ᠶᠣᠰᠣᠨ ᠤ ᠥᠭᠦᠯᠡᠯᠭᠡ ᠶᠢᠨ ᠵᠢᠷᠤᠭᠲᠤ ᠨᠤᠮ ᠭᠠᠷᠤᠯ᠎ᠠ

ᠠᠪᠯᠢᠭ᠎ᠠ ᠲᠠᠢ ᠲᠡᠮᠡᠴᠡᠬᠦ ᠭᠠᠵᠠᠷ ᠠᠴᠠ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠶᠢᠨ ᠪᠠᠭ᠎ᠠ᠂  ᠳᠤᠮᠳᠠᠳᠤ ᠠᠩᠬᠢ ᠶᠢᠨ ᠰᠤᠷᠤᠭᠴᠢᠳ ᠲᠤ ᠵᠣᠷᠢᠭᠤᠯᠤᠭᠰᠠᠨ ︽ᠨᠠᠶᠢᠵᠠ ᠶᠢᠨ ᠶᠠᠷᠢᠶ᠎ᠠ︾ ᠺᠣᠮᠢᠺᠰ ᠨᠣᠮ ᠢ ᠬᠡᠪᠯᠡᠭᠦᠯᠦᠨ ᠭᠠᠷᠭᠠᠯ᠎ᠠ᠃ ︽ᠨᠠᠶᠢᠵᠠ ᠶᠢᠨ ᠶᠠᠷᠢᠶ᠎ᠠ︾ ᠺᠣᠮᠢᠺᠰ ᠨᠣᠮ ᠢᠶᠠᠷ ᠳᠠᠮᠵᠢᠭᠤᠯᠤᠨ ᠳᠤᠮᠳᠠᠳᠤ ᠰᠤᠷᠭᠠᠭᠤᠯᠢ ᠶᠢᠨ ᠰᠤᠷᠤᠭᠴᠢᠳ ᠲᠤ ᠰᠢᠳᠤᠷᠭᠤ ᠶᠣᠰᠣᠨ ᠤ ᠣᠶᠢᠯᠠᠭᠠᠯᠲᠠ᠂ ᠦᠵᠡᠯ ᠰᠠᠨᠠᠭ᠎ᠠ ᠶᠢ ᠲᠥᠯᠦᠪᠰᠢᠭᠦᠯᠬᠦ᠂ ᠬᠡᠦᠬᠡᠳ ᠦᠳ ᠲᠦ ᠵᠥᠪ ᠰᠢᠳᠤᠷᠭᠤ ᠠᠮᠢᠳᠤᠷᠠᠯ ᠤᠨ ᠵᠠᠩ ᠦᠢᠯᠡ ᠬᠡᠪᠰᠢᠭᠦᠯᠬᠦ᠂ ᠦᠯᠢᠭᠡᠷ ᠳᠠᠭᠤᠷᠢᠶᠠᠯ ᠪᠤᠢ ᠪᠣᠯᠭᠠᠬᠤ ᠵᠣᠷᠢᠯᠭ᠎ᠠ ᠠᠭᠤᠯᠵᠠᠢ᠃
ᠠᠪᠯᠢᠭ᠎ᠠ ᠲᠠᠢ ᠲᠡᠮᠡᠴᠡᠬᠦ ᠭᠠᠵᠠᠷ ᠵᠢᠯ ᠪᠦᠷᠢ ︽ᠬᠡᠦᠬᠡᠳ ᠦᠨ ᠰᠢᠳᠤᠷᠭᠤ ᠪᠠᠶᠢᠳᠠᠯ ᠤᠨ ᠰᠤᠳᠤᠯᠭ᠎ᠠ ︾ ᠶᠢ ᠬᠢᠳᠡᠭ ᠪᠥᠭᠡᠳ ᠡᠨᠡᠬᠦ ᠰᠤᠳᠤᠯᠭ᠎ᠠ ᠪᠠᠷ ᠵᠢᠯ ᠢᠷᠡᠬᠦ ᠲᠤᠰᠤᠮ ᠮᠣᠩᠭᠣᠯ ᠬᠡᠦᠬᠡᠳ ᠦᠳ ᠦᠨ ᠰᠢᠳᠤᠷᠭᠤ ᠪᠠᠶᠢᠳᠠᠯ ᠤᠨ ᠲᠦᠪᠰᠢᠨ ᠪᠠᠭᠤᠷᠠᠵᠤ ᠪᠠᠶᠢᠭ᠎ᠠ ᠶᠤᠮ ᠃ ᠬᠡᠦᠬᠡᠳ ᠦᠨ ᠰᠢᠳᠤᠷᠭᠤ ᠪᠠᠶᠢᠳᠠᠯ ᠤᠨ ᠲᠦᠪᠰᠢᠨ 2018 ᠣᠨ ᠤ ᠰᠤᠳᠤᠯᠭ᠎ᠠ ᠪᠠᠷ 3.91 ᠭᠡᠰᠡᠨ  ᠳ᠋ᠦᠩ ᠲᠡᠢ ᠭᠠᠷᠤᠭᠰᠠᠨ ᠨᠢ ᠡᠮᠦᠨᠡᠬᠢ ᠰᠤᠳᠤᠯᠭᠠᠨ ᠤ ᠳ᠋ᠦᠩ ᠲᠡᠢ ᠬᠠᠷᠢᠴᠠᠭᠤᠯᠬᠤ ᠳᠤ 0.06 ᠍ ᠪᠠᠷ ᠪᠠᠭᠤᠷᠠᠭᠰᠠᠨ ᠪᠠᠶᠢᠨ᠎ᠠ᠃ ᠤᠭ ᠰᠤᠳᠤᠯᠭᠠᠨ ᠤ  ᠳ᠋ᠦᠩ ᠳᠦ ᠦᠨᠳᠦᠰᠦᠯᠡᠨ ᠡᠴᠢᠭᠡ᠂ ᠡᠬᠡᠴᠦᠳ᠂ ᠪᠠᠭᠰᠢ᠂ ᠰᠤᠷᠭᠠᠨ ᠬᠦᠮᠦᠵᠢᠭᠦᠯᠦᠭᠴᠢᠳ ᠦᠨ ᠵᠦᠭ ᠡᠴᠡ ᠬᠡᠦᠬᠡᠳ ᠦᠳ ᠲᠡᠢ ᠪᠡᠨ ᠰᠢᠳᠤᠷᠭᠤ ᠪᠠᠶᠢᠬᠤ ᠲᠠᠯ᠎ᠠ ᠪᠠᠷ ᠶᠠᠷᠢᠯᠴᠠᠬᠤ᠂ ᠰᠢᠳᠤᠷᠭᠤ  ᠪᠠᠶᠢᠭᠰᠠᠨ ᠤ ᠲᠥᠯᠥᠭᠡ ᠰᠠᠶᠢᠰᠢᠶᠠᠨ ᠤᠷᠮᠠᠰᠢᠭᠤᠯᠬᠤ᠂ ᠰᠢᠳᠤᠷᠭᠤ ᠶᠣᠰᠣᠨ ᠤ ᠲᠠᠯ᠎ᠠ ᠪᠠᠷ ᠵᠢᠭᠠᠵᠤ ᠰᠤᠷᠭᠠᠬᠤ᠂ ᠬᠡᠦᠬᠡᠳ ᠲᠦ ᠪᠡᠨ ᠠᠩᠬᠠᠷᠤᠯ᠂ ᠬᠠᠯᠠᠮᠵᠢᠲᠠᠢ ᠪᠠᠶᠢᠬᠤ ᠨᠢ ᠲᠡᠳᠡᠨ ᠦ ᠰᠢᠳᠤᠷᠭᠤ ᠪᠠᠶᠢᠳᠠᠯ ᠳᠤ ᠡᠶᠡᠷᠭᠦ ᠪᠡᠷ ᠨᠥᠯᠦᠭᠡᠯᠡᠳᠡᠭ ᠲᠠᠯ᠎ᠠ ᠪᠠᠷ  ᠨᠡᠶᠢᠭᠡᠮ ᠰᠤᠳᠤᠯᠤᠭᠠᠴᠢᠳ ᠳ᠋ᠦᠩᠨᠡᠯᠲᠡ ᠬᠢᠵᠡᠢ ᠃ ︽ᠨᠠᠶᠢᠵᠠ ᠶᠢᠨ ᠶᠠᠷᠢᠶ᠎ᠠ︾ ᠨᠣᠮ ᠤᠨ ᠠᠭᠤᠯᠭ᠎ᠠ ᠶᠢ ᠣᠯᠠᠨ ᠤᠯᠤᠰ ᠤᠨ ᠰᠲ᠋ᠠᠨᠳᠠᠷᠲ ᠢᠶᠠᠷ ᠬᠢᠭᠳᠡᠳᠡᠭ ᠰᠤᠳᠤᠯᠭᠠᠨ ᠤ ᠠᠰᠠᠭᠤᠯᠭ᠎ᠠ ᠶᠢᠨ ᠳᠠᠭᠠᠤ ᠵᠣᠬᠢᠶᠠᠭᠰᠠᠨ ᠪᠠᠶᠢᠨ᠎ᠠ ᠃

ᠰᠡᠳᠬᠢᠭᠳᠡᠯ ᠦᠯᠡᠳᠡᠭᠡᠬᠦ