ᠠᠯᠳᠠᠷᠲᠤ ᠨᠣᠶᠠᠨ ᠰᠡᠪᠷᠡᠢ ᠬᠢᠴᠡ ᠶᠢᠨ ᠮᠥᠩᠭᠥᠨ ᠡᠳ᠋ᠯᠡᠯ | News.MN

ᠠᠯᠳᠠᠷᠲᠤ ᠨᠣᠶᠠᠨ ᠰᠡᠪᠷᠡᠢ ᠬᠢᠴᠡ ᠶᠢᠨ ᠮᠥᠩᠭᠥᠨ ᠡᠳ᠋ᠯᠡᠯ

ᠡᠮᠦᠨᠡᠭᠣᠪᠢ ᠠᠶᠢᠮᠠᠭ ᠤᠨ ᠶᠢᠰᠦᠨ ᠭᠠᠶᠢᠬᠠᠮᠰᠢᠭ ᠤᠨ ᠨᠢᠭᠡ ᠳᠦ ᠠᠯᠳᠠᠷᠲᠤ ᠨᠣᠶᠠᠨ ᠰᠡᠪᠷᠡᠢ ᠬᠢᠴᠡ ᠶᠢᠨ ᠮᠥᠩᠭᠥᠨ ᠡᠳ᠋ᠯᠡᠯ ᠣᠷᠣᠳᠠᠭ ᠪᠠᠶᠢᠨ᠎ᠠ᠃ ᠡᠨᠡᠬᠦ ᠬᠠᠯᠬ᠎ᠠ ᠳᠤ ᠠᠯᠳᠠᠷᠲᠠᠢ ᠬᠢᠴᠡ ᠨᠢ ᠥᠨᠢ ᠡᠷᠲᠡᠨ ᠡᠴᠡ ᠥᠨᠥ ᠶᠢ ᠬᠦᠷᠲᠡᠯ᠎ᠡ ᠦᠶ᠎ᠡ ᠳᠠᠮᠵᠢᠨ ᠤᠯᠠᠮᠵᠢᠯᠠᠨ ᠬᠠᠳᠠᠭᠠᠯᠠᠵᠤ ᠢᠷᠡᠭᠰᠡᠨ ᠰᠤᠶᠤᠯ ᠤᠨ ᠪᠡᠶᠡᠲᠦ ᠪᠤᠰᠤ ᠥᠪ ᠶᠤᠮ᠃  ᠨᠣᠶᠠᠨ ᠰᠡᠪᠷᠡᠢ ᠶᠢᠨ ᠬᠢᠴᠡ ᠶᠢᠨ ᠵᠣᠬᠢᠶᠠᠭᠴᠢ ᠶᠢᠨ ᠡᠷᠬᠡ ᠶᠢ ᠰᠤᠨᠤᠮᠰᠢᠷᠠᠪ ᠤᠨ ᠡᠷᠳᠡᠨᠢ ᠠᠪᠤᠭᠰᠠᠨ ᠪᠠᠶᠢᠳᠠᠭ ᠪᠠᠶᠢᠨ᠎ᠠ᠃ ᠮᠣᠩᠭᠣᠯ ᠤᠯᠤᠰ ᠤᠨ ᠬᠡᠮᠵᠢᠶᠡᠨ ᠳᠦ ᠳᠠᠷᠢᠭᠠᠩᠭ᠎ᠠ᠂ ᠨᠣᠶᠠᠨ ᠰᠡᠪᠷᠡᠢ ᠶᠢᠨ ᠬᠢᠴᠡ ᠭᠡᠰᠡᠨ ᠬᠣᠶᠠᠷ ᠲᠥᠷᠥᠯ ᠦᠨ ᠮᠥᠩᠭᠥᠨ ᠠᠶᠠᠭ᠎ᠠ ᠪᠠᠶᠢᠳᠠᠭ᠃ ᠡᠭᠦᠨ ᠡᠴᠡ ᠨᠣᠶᠠᠨ ᠰᠡᠪᠷᠡᠢ ᠶᠢᠨ ᠬᠢᠴᠡ ᠶᠢᠨ ᠢᠯᠭᠠᠭ᠎ᠠ ᠨᠢ ᠮᠥᠩᠭᠥᠨ ᠠᠶᠠᠭ᠎ᠠ ᠶᠢ ᠤᠲᠠᠰᠤ ᠰᠤᠪᠢᠮᠠᠯ ᠤᠨ ᠠᠷᠭ᠎ᠠ ᠪᠠᠷ ᠬᠢᠳᠡᠭ ᠪᠠᠶᠢᠨ᠎ᠠ᠃ ᠭᠣᠣᠯ ᠣᠨᠴᠠᠯᠢᠭ ᠨᠢ ᠵᠤᠵᠠᠭᠠᠨ ᠣᠷᠣᠴᠠ ᠠᠷᠪᠢᠨ ᠲᠠᠢ᠂ ᠡᠳ᠋ᠯᠡᠭᠡ ᠤᠳᠠᠭᠠᠨ ᠲᠠᠢ᠂ ᠤᠯᠠᠮᠵᠢᠯᠠᠯᠲᠤ ᠭᠠᠷ ᠠᠷᠭ᠎ᠠ ᠪᠠᠷ ᠬᠢᠭᠰᠡᠨ ᠢᠶᠡᠷ ᠢᠶᠡᠨ ᠤᠯᠤᠰ ᠲᠤ ᠠᠯᠳᠠᠷ ᠲᠠᠢ ᠠᠵᠡᠢ᠃ ᠤᠭ ᠬᠢᠴᠡ ᠶᠢᠨ ᠶᠡᠬᠡ ᠭᠠᠷ ᠤᠨ ᠠᠶᠠᠭᠠᠨ ᠳᠤ 32-35  ᠯᠠᠩ᠂ ᠳᠤᠮᠳᠠ ᠭᠠᠷ ᠤᠨ ᠠᠶᠠᠭᠠᠨ ᠳᠤ 17-20  ᠯᠠᠩ᠂ ᠵᠢᠵᠢᠭ ᠠᠶᠠᠭᠠᠨ ᠳᠤ 8-10  ᠯᠠᠩ ᠮᠥᠩᠭᠥ ᠣᠷᠣᠳᠠᠭ ᠪᠠᠶᠢᠨ᠎ᠠ᠃
1938 ᠣᠨ ᠳᠤ ᠭᠠᠷᠤᠭᠰᠠᠨ ᠰᠤᠳᠤᠯᠭ᠎ᠠ ᠪᠠᠷ ᠫᠠᠭᠮ᠎ᠠ ᠶᠢᠨ ᠮᠥᠩᠬᠡ᠂ ᠴᠢᠯᠠᠭᠤᠨ ᠤ  ᠪᠠᠯᠵᠤᠤᠷ᠂ ᠴᠢᠯᠠᠭᠤᠨ ᠤ  ᠶᠤᠨᠳᠤᠨ᠂ ᠳᠣᠯᠣᠭᠠᠷ ᠤᠨ ᠳᠠᠨᠽᠠᠨ᠂ ᠮᠠᠭᠰᠠᠷ ᠤᠨ ᠭᠣᠨᠴᠣᠭ᠂ ᠮᠣᠯᠣᠮ ᠤᠨ ᠪᠠᠳᠢᠷᠴᠢ ᠨᠠᠷ ᠢ ᠤᠷᠠᠨ ᠳᠠᠷᠬᠠᠨ ᠬᠦᠮᠦᠰ ᠳᠡᠭᠡᠷᠡᠬᠢ ᠮᠥᠩᠭᠥᠨ ᠡᠳ᠋ᠯᠡᠯ ᠦᠨ ᠬᠢᠴᠡ ᠶᠢ ᠬᠢᠬᠦ ᠠᠷᠭ᠎ᠠ  ᠪᠠᠷᠢᠯ ᠢ ᠬᠠᠳᠠᠭᠠᠯᠠᠵᠤ ᠪᠠᠶᠢᠭ᠎ᠠ ᠪᠠᠷ ᠪᠦᠷᠢᠳᠬᠡᠵᠡᠢ᠃ ᠬᠠᠷᠢᠨ ᠣᠳᠣ ᠪᠠᠷ ᠨᠢᠳᠦᠨ ᠬᠡᠮᠡᠬᠦ ᠷᠢᠨᠴᠢᠨ᠂ ᠮᠢᠳᠤᠭ ᠤᠨ ᠳᠠᠨᠽᠠᠨ᠂  ᠨᠠᠸᠠᠩ ᠤᠨ ᠴᠢᠮᠡᠳᠳᠣᠷᠵᠢ᠂ ᠰᠤᠨᠤᠮᠰᠢᠷᠠᠪ ᠤᠨ ᠰᠤᠭᠢᠷ᠂ ᠰᠣᠨᠣᠮᠰᠢᠷᠠᠪ ᠤᠨ ᠡᠷᠳᠡᠨᠢ᠂ ᠠᠳᠢᠶ᠎ᠠ ᠶᠢᠨ ᠴᠣᠣᠵᠢ ᠨᠠᠷ ᠨᠣᠶᠠᠨ ᠰᠡᠪᠷᠡᠢ ᠬᠢᠴᠡ ᠶᠢᠨ ᠮᠥᠩᠭᠥᠨ ᠤᠷᠠᠯᠠᠯ ᠤᠨ ᠰᠠᠶᠢᠨ ᠳᠠᠷᠬᠠᠴᠤᠳ ᠠᠵᠠᠢ ᠃

ᠰᠡᠳᠬᠢᠭᠳᠡᠯ ᠦᠯᠡᠳᠡᠭᠡᠬᠦ