ᠬᠡᠯᠮᠡᠭᠳᠡᠭᠴᠢ ᠶᠢᠨ ᠥᠬᠢᠨ ᠳᠦ ᠨᠦᠬᠦᠨ ᠣᠯᠭᠣᠪᠤᠷᠢ ᠣᠯᠭᠤᠪᠠ | News.MN

ᠬᠡᠯᠮᠡᠭᠳᠡᠭᠴᠢ ᠶᠢᠨ ᠥᠬᠢᠨ ᠳᠦ ᠨᠦᠬᠦᠨ ᠣᠯᠭᠣᠪᠤᠷᠢ ᠣᠯᠭᠤᠪᠠ

ᠤᠯᠤᠰ ᠲᠥᠷᠥ ᠶᠢᠨ ᠬᠢᠯᠢᠰ ᠬᠡᠷᠡᠭ ᠲᠦ ᠬᠡᠯᠮᠡᠭᠳᠡᠭᠰᠡᠳ ᠢ ᠴᠠᠭᠠᠳᠬᠠᠬᠤ᠂ ᠲᠡᠳᠡᠨ ᠳᠦ ᠨᠦᠬᠦᠨ ᠣᠯᠭᠣᠪᠤᠷᠢ ᠣᠯᠭᠣᠬᠤ ᠲᠤᠬᠠᠢ ᠬᠠᠤᠯᠢ ᠶᠢᠨ ᠨᠡᠮᠡᠯᠲᠡ ᠥᠭᠡᠷᠡᠴᠢᠯᠡᠯᠲᠡ ᠶᠢᠨ ᠳᠠᠭᠠᠤ ᠬᠡᠯᠮᠡᠭᠳᠡᠭᠴᠢ ᠨᠢᠮ᠎ᠠ ᠶᠢᠨ ᠯᠤᠪᠰᠠᠩ ᠤᠨ ᠥᠬᠢᠨ ᠰᠡᠯᠡᠩᠭᠡ ᠠᠶᠢᠮᠠᠭ ᠤᠨ ᠰᠦᠬᠡᠪᠠᠭᠠᠲᠤᠷ ᠰᠤᠮᠤ ᠶᠢᠨ ᠢᠷᠭᠡᠨ ᠯ∙ᠳ᠋ᠤᠯᠭᠠᠷ ᠲᠤ ᠠᠩᠬᠠᠨ ᠱᠠᠲᠤᠨ ᠤ ᠰᠢᠭᠦᠬᠦ ᠪᠡᠷ 40 ᠰᠠᠶ᠎ᠠ ᠲᠥᠭᠥᠷᠢᠭ ᠣᠯᠭᠤᠬᠤ ᠪᠠᠷ ᠰᠢᠢᠳᠪᠦᠷᠢᠯᠡᠭᠰᠡᠨ ᠢ ᠴᠠᠭᠠᠳᠬᠠᠬᠤ ᠠᠵᠢᠯ ᠢ ᠤᠳᠤᠷᠢᠳᠤᠨ ᠵᠣᠬᠢᠶᠠᠨ ᠪᠠᠶᠢᠭᠤᠯᠬᠤ ᠠᠶᠢᠮᠠᠭ ᠤᠨ ᠰᠠᠯᠪᠤᠷᠢ ᠺᠣᠮᠢᠰ ᠠᠴᠠ ᠥᠨᠥᠳᠥᠷ ᠰᠢᠯᠵᠢᠭᠦᠯᠦᠨ ᠥᠭᠴᠦ ᠪᠠᠲᠤᠯᠠᠮᠵᠢ ᠭᠠᠷᠳᠠᠭᠤᠯᠤᠯ᠎ᠠ᠃
ᠤᠯᠤᠰ ᠲᠥᠷᠥ ᠶᠢᠨ ᠬᠢᠯᠢᠰ ᠬᠡᠷᠡᠭ ᠲᠦ ᠬᠡᠯᠮᠡᠭᠳᠡᠭᠰᠡᠳ ᠢ ᠴᠠᠭᠠᠳᠬᠠᠬᠤ᠂ ᠲᠡᠳᠡᠨ ᠳᠦ ᠨᠦᠬᠦᠨ ᠣᠯᠭᠣᠪᠤᠷᠢ ᠣᠯᠭᠣᠬᠤ ᠲᠤᠬᠠᠢ ᠬᠠᠤᠯᠢ ᠳᠤ ᠨᠡᠮᠡᠯᠲᠡ ᠥᠭᠡᠷᠡᠴᠢᠯᠡᠯᠲᠡ ᠣᠷᠣᠭᠰᠠᠨ ᠢᠶᠠᠷ ᠨᠦᠬᠦᠨ ᠣᠯᠭᠣᠪᠤᠷᠢ ᠨᠡᠬᠡᠮᠵᠢᠯᠡᠬᠦ ᠬᠤᠭᠤᠴᠠᠭ᠎ᠠ ᠶᠢ 2020 ᠣᠨ ᠤ 12 ᠳ᠋ᠤᠭᠠᠷ ᠰᠠᠷ᠎ᠠ ᠶᠢᠨ 31 ᠍ ᠦ ᠡᠳᠦᠷ ᠬᠦᠷᠲᠡᠯ᠎ᠡ ᠰᠤᠩᠭᠠᠵᠤ᠂ ᠤᠯᠤᠰ ᠲᠥᠷᠥ ᠶᠢᠨ ᠬᠢᠯᠢᠰ ᠬᠡᠷᠡᠭ ᠲᠦ ᠬᠣᠯᠪᠣᠭᠳᠠᠭᠤᠯᠤᠨ ᠴᠠᠭᠠᠵᠠ ᠪᠠᠷ ᠠᠪᠬᠤ ᠶᠠᠯ᠎ᠠ ᠪᠠᠷ ᠰᠢᠢᠳᠭᠡᠭᠦᠯᠦᠭᠰᠡᠨ ᠬᠡᠯᠮᠡᠭᠳᠡᠭᠴᠢ ᠶᠢᠨ ᠡᠬᠡᠨᠡᠷ ︵ᠨᠥᠬᠥᠷ︶᠂ ᠡᠰᠡᠬᠦᠯ᠎ᠡ ᠬᠡᠯᠮᠡᠭᠳᠡᠭᠴᠢ ᠶᠢᠨ ᠲᠦᠷᠦᠭᠰᠡᠨ ᠪᠣᠯᠤᠨ ᠦᠷᠡᠴᠢᠯᠡᠵᠦ ᠠᠪᠤᠭᠰᠠᠨ ᠬᠡᠦᠬᠡᠳ᠂ ᠬᠡᠯᠮᠡᠭᠳᠡᠭᠴᠢ ᠶᠢ ᠨᠠᠰᠤ ᠪᠠᠷᠠᠭᠰᠠᠨ ᠠᠴᠠ ᠬᠣᠶᠢᠰᠢ 10 ᠰᠠᠷ᠎ᠠ ᠠᠴᠠ ᠢᠯᠡᠭᠦᠦ ᠦᠭᠡᠢ ᠬᠤᠭᠤᠴᠠᠭᠠᠨ ᠤ ᠳᠣᠲᠣᠷ᠎ᠠ ᠲᠦᠷᠦᠭᠰᠡᠨ ᠬᠡᠦᠬᠡᠳ ᠲᠦ 80 ᠰᠠᠶ᠎ᠠ ᠲᠥᠭᠥᠷᠢᠭ᠂ ᠬᠤᠷᠢᠬᠤ ᠶᠠᠯ᠎ᠠ ᠪᠠᠷ ᠰᠢᠢᠳᠭᠡᠭᠦᠯᠦᠭᠰᠡᠨ ᠪᠣᠯ 40 ᠰᠠᠶ᠎ᠠ ᠲᠥᠭᠥᠷᠢᠭ ᠦᠨ ᠨᠢᠭᠡ ᠤᠳᠠᠭ᠎ᠠ ᠶᠢᠨ ᠨᠥᠬᠥᠬᠥ ᠣᠯᠭᠣᠪᠤᠷᠢ ᠣᠯᠭᠣᠬᠤ ᠡᠷᠬᠡ ᠵᠦᠢ ᠶᠢᠨ ᠣᠷᠴᠢᠨ ᠪᠦᠷᠢᠳᠴᠡᠢ᠃
ᠳᠡᠭᠡᠷᠡᠬᠢ ᠬᠠᠤᠯᠢ ᠶᠢ ᠠᠩᠬ᠎ᠠ 1998 ᠣᠨ ᠳᠤ ᠪᠠᠲᠤᠯᠠᠭᠰᠠᠨ ᠠᠴᠠ ᠬᠣᠶᠢᠰᠢᠬᠢ ᠬᠤᠭᠤᠴᠠᠭᠠᠨ ᠳᠤ ᠬᠡᠯᠮᠡᠭᠳᠡᠭᠰᠡᠳ ᠢ  ᠴᠠᠭᠠᠳᠬᠠᠭᠤᠯᠬᠤ᠂  ᠨᠦᠬᠦᠨ ᠣᠯᠭᠣᠪᠤᠷᠢ ᠨᠡᠬᠡᠮᠵᠢᠯᠡᠬᠦ ᠬᠤᠭᠤᠴᠠᠭ᠎ᠠ ᠶᠢ ᠤᠯᠤᠰ ᠤᠨ ᠶᠡᠬᠡ ᠬᠤᠷᠠᠯ ᠠᠴᠠ 2000᠂ 2002᠂ 2006᠂ 2009᠂ 2018 ᠣᠨ ᠳᠤ ᠲᠠᠪᠤᠨ ᠤᠳᠠᠭ᠎ᠠ ᠰᠤᠩᠭᠠᠵᠤ ᠪᠠᠶᠢᠭᠰᠠᠨ ᠪᠠ ᠨᠡᠶᠢᠲᠡ 31229 ᠢᠷᠭᠡᠨ  ᠴᠠᠭᠠᠳᠬᠠᠭᠳᠠᠵᠤ᠂ 18000 ᠣᠷᠴᠢᠮ ᠢᠷᠭᠡᠨ ᠨᠦᠬᠦᠨ ᠣᠯᠭᠣᠪᠤᠷᠢ ᠠᠪᠤᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ