ᠪᠡᠶ᠎ᠡ ᠶᠢᠨ ᠲᠠᠮᠢᠷ ᠰᠫᠣᠷᠲ ᠤᠨ ᠪᠣᠳᠣᠯᠭ᠎ᠠ ᠶᠢ ᠪᠠᠲᠤᠯᠠᠯ᠎ᠠ | News.MN

ᠪᠡᠶ᠎ᠡ ᠶᠢᠨ ᠲᠠᠮᠢᠷ ᠰᠫᠣᠷᠲ ᠤᠨ ᠪᠣᠳᠣᠯᠭ᠎ᠠ ᠶᠢ ᠪᠠᠲᠤᠯᠠᠯ᠎ᠠ

ᠵᠠᠰᠠᠭ ᠤᠨ ᠭᠠᠵᠠᠷ ᠤᠨ 2019 ᠣᠨ ᠤ ᠳᠥᠷᠪᠡᠳᠦᠭᠡᠷ ᠰᠠᠷ᠎ᠠ ᠶᠢᠨ 17 ᠍ ᠦ ᠡᠭᠡᠯᠵᠢᠲᠦ ᠬᠤᠷᠠᠯᠳᠤᠭᠠᠨ ᠢᠶᠠᠷ ︽ᠲᠥᠷᠥ ᠡᠴᠡ ᠪᠡᠶ᠎ᠡ ᠶᠢᠨ ᠲᠠᠮᠢᠷ ᠰᠫᠣᠷᠲ ᠤᠨ ᠲᠠᠯ᠎ᠠ ᠪᠠᠷ ᠪᠠᠷᠢᠮᠲᠠᠯᠠᠬᠤ ᠪᠣᠳᠣᠯᠭ᠎ᠠ ︾ ᠶᠢ ᠬᠡᠯᠡᠯᠴᠡᠨ ᠪᠠᠲᠤᠯᠠᠯ᠎ᠠ᠃ ᠪᠡᠶ᠎ᠡ ᠶᠢᠨ ᠲᠠᠮᠢᠷ ᠤᠨ ᠦᠢᠯᠡ ᠠᠵᠢᠯᠯᠠᠭ᠎ᠠ᠂ ᠰᠫᠣᠷᠲ ᠢ ᠪᠦᠬᠦ ᠨᠡᠶᠢᠲᠡ ᠶᠢᠨ ᠬᠥᠳᠡᠯᠭᠡᠭᠡᠨ ᠪᠣᠯᠭᠠᠨ ᠣᠷᠣᠨ ᠳᠠᠶᠠᠭᠠᠷ ᠥᠷᠨᠢᠭᠦᠯᠬᠦ᠂ ᠲᠡᠭᠦᠨ ᠦ ᠰᠢᠨᠵᠢᠯᠡᠬᠦ ᠤᠬᠠᠭᠠᠨ ᠤ ᠦᠨᠳᠦᠰᠦᠯᠡᠯ ᠢ ᠰᠠᠶᠢᠵᠢᠷᠠᠭᠤᠯᠬᠤ᠂ ᠬᠦᠮᠦᠨ ᠠᠮᠠ ᠶᠢᠨ ᠠᠵᠢᠯ᠂ ᠠᠮᠢᠳᠤᠷᠠᠯ ᠤᠨ ᠰᠠᠯᠤᠰᠢ ᠦᠭᠡᠢ ᠬᠡᠷᠡᠭᠯᠡᠭᠡ ᠪᠣᠯᠭᠠᠬᠤ᠂ ᠤᠯᠠᠮ ᠢᠶᠠᠷ ᠮᠣᠩᠭᠣᠯ ᠬᠦᠮᠦᠨ ᠦ ᠳᠤᠮᠳᠠᠴᠢ ᠨᠠᠰᠤᠯᠠᠯᠲᠠ ᠶᠢ ᠤᠷᠲᠤᠰᠬᠠᠬᠤ ᠳᠤ ᠳᠡᠮᠵᠢᠯᠭᠡ ᠦᠵᠡᠭᠦᠯᠬᠦ ᠵᠣᠷᠢᠯᠭ᠎ᠠ ᠲᠠᠢ ᠪᠣᠳᠣᠯᠭ᠎ᠠ ᠶᠢᠨ ᠲᠤᠰ ᠪᠠᠷᠢᠮᠲᠠ ᠪᠢᠴᠢᠭ ᠢ ᠬᠡᠷᠡᠭᠵᠢᠭᠦᠯᠵᠦ᠂ ᠬᠢᠨᠠᠯᠲᠠ ᠲᠠᠯᠪᠢᠵᠤ ᠠᠵᠢᠯᠯᠠᠬᠤ ᠶᠢ ᠪᠤᠯᠪᠠᠰᠤᠷᠠᠯ ᠰᠤᠶᠤᠯ ᠰᠢᠨᠵᠢᠯᠡᠬᠦ ᠤᠬᠠᠭᠠᠨ ᠰᠫᠤᠷᠲ ᠤᠨ ᠶᠠᠮᠤᠨ ᠤ ᠍ ᠰᠠᠶᠢᠳ ᠶᠣ᠊∙ ᠪᠠᠭᠠᠲᠤᠷᠪᠢᠯᠢᠭ᠌ ᠲᠦ ᠳᠠᠭᠠᠭᠠᠯᠭᠠᠯ᠎ᠠ᠃
ᠲᠥᠷᠥ ᠡᠴᠡ ᠪᠠᠷᠢᠮᠲᠠᠯᠠᠬᠤ ᠪᠣᠳᠣᠯᠭ᠎ᠠ ᠳᠤ ᠰᠫᠣᠷᠲ ᠢ ᠬᠦᠮᠦᠨ ᠠᠮᠠ ᠶᠢᠨ ᠵᠥᠪ ᠠᠮᠢᠳᠤᠷᠠᠯ ᠤᠨ ᠬᠡᠪ ᠮᠠᠶ᠋ᠢᠭ᠂ ᠡᠷᠡᠭᠦᠯ ᠠᠵᠤ ᠲᠥᠷᠥᠬᠦ ᠶᠣᠰᠣᠨ ᠤ ᠬᠡᠷᠡᠭᠯᠡᠭᠡ᠂ ᠠᠵᠢᠯᠯᠠᠬᠤ ᠴᠢᠳᠠᠪᠤᠷᠢ ᠶᠢ ᠳᠡᠭᠡᠭᠰᠢᠯᠡᠭᠦᠯᠬᠦ ᠬᠡᠷᠡᠭᠯᠡᠭᠦᠷ ᠪᠣᠯᠭᠠᠬᠤ᠂ ᠲᠠᠮᠢᠷᠴᠢᠳ ᠤᠨ ᠤᠷ᠎ᠠ ᠴᠢᠳᠠᠪᠤᠷᠢ ᠶᠢ ᠦᠨᠳᠦᠰᠦᠨ ᠦ ᠰᠢᠭᠰᠢᠭᠡ ᠪᠠᠭ ᠤᠨ ᠪᠦᠬᠦ ᠲᠦᠪᠰᠢᠨ ᠳᠦ ᠠᠬᠢᠭᠤᠯᠬᠤ᠂ ᠣᠯᠢᠮᠫ᠂ ᠲᠢᠪ᠂ ᠳᠡᠯᠡᠬᠡᠢ ᠶᠢᠨ ᠲᠦᠪᠰᠢᠨ ᠳᠦ ᠦᠷᠢᠰᠦᠯᠳᠦᠬᠦᠶᠢᠴᠡ ᠴᠢᠳᠠᠪᠤᠷᠢ ᠲᠠᠢ ᠪᠣᠯᠭᠠᠬᠤ ᠰᠫᠣᠷᠲ ᠤᠨ ᠰᠤᠷᠭᠠᠯᠲᠠ  ᠳᠠᠰᠬᠠᠯᠵᠢᠭᠤᠯᠤᠯᠳᠠ᠂ ᠲᠡᠮᠡᠴᠡᠭᠡᠨ᠂ ᠨᠠᠭᠠᠳᠤᠮ ᠤᠨ ᠱᠠᠲᠤᠯᠠᠭᠰᠠᠨ ᠲᠣᠭᠲᠠᠯᠴᠠᠭ᠎ᠠ ᠶᠢ ᠪᠣᠯᠪᠠᠰᠤᠷᠠᠩᠭᠤᠢ ᠪᠣᠯᠭᠠᠬᠤ᠂ ᠰᠫᠣᠷᠲ ᠤᠨ ᠰᠢᠨᠵᠢᠯᠡᠬᠦ ᠤᠬᠠᠭᠠᠨ᠂ ᠰᠫᠣᠷᠲ ᠤᠨ ᠠᠨᠠᠭᠠᠬᠤ ᠤᠬᠠᠭᠠᠨ ᠤ ᠰᠤᠳᠤᠯᠭ᠎ᠠ᠂ ᠰᠢᠨᠵᠢᠯᠡᠭᠡ᠂ ᠲᠤᠷᠰᠢᠯᠲᠠ᠂ ᠨᠣᠲᠠᠯᠠᠭᠠᠨ ᠳᠤ ᠰᠠᠭᠤᠷᠢᠯᠠᠭᠰᠠᠨ ᠪᠡᠶ᠎ᠡ ᠶᠢᠨ ᠲᠠᠮᠢᠷ᠂ ᠰᠫᠣᠷᠲ ᠤᠨ ᠠᠵᠢᠯ᠂ ᠦᠢᠯᠡᠴᠢᠯᠡᠭᠡ ᠶᠢ ᠬᠥᠭᠵᠢᠭᠦᠯᠬᠦ᠂ ᠪᠡᠶ᠎ᠡ ᠶᠢᠨ ᠲᠠᠮᠢᠷ᠂ ᠰᠫᠣᠷᠲ ᠤᠨ ᠰᠠᠯᠪᠤᠷᠢ ᠳᠤ ᠲᠥᠷᠥ ᠶᠢᠨ ᠪᠠ ᠲᠥᠷᠥ ᠶᠢᠨ ᠪᠤᠰᠤ ᠪᠠᠶᠢᠭᠤᠯᠤᠯᠭ᠎ᠠ ᠶᠢᠨ ᠵᠣᠬᠢᠰᠲᠠᠢ ᠲᠦᠩᠰᠢᠯᠡᠯ᠂ ᠰᠠᠯᠪᠤᠷᠢ ᠬᠣᠭᠣᠷᠣᠨᠳᠣ ᠶᠢᠨ ᠬᠠᠮᠲᠤ ᠶᠢᠨ ᠠᠵᠢᠯᠯᠠᠭᠠᠨ ᠳᠤ ᠲᠤᠯᠭᠠᠭᠤᠷᠢᠯᠠᠭᠰᠠᠨ ᠤᠳᠤᠷᠢᠳᠤᠯᠭ᠎ᠠ ᠶᠢᠨ ᠣᠨᠣᠪᠴᠢᠲᠠᠢ ᠲᠣᠭᠲᠠᠯᠴᠠᠭ᠎ᠠ ᠶᠢ ᠬᠥᠭᠵᠢᠭᠦᠯᠬᠦ᠂  ᠰᠠᠩᠬᠦᠦᠵᠢᠯᠲᠠ ᠶᠢᠨ ᠪᠣᠳᠣᠯᠭ᠎ᠠ ᠶᠢ ᠪᠣᠯᠪᠠᠰᠤᠷᠠᠩᠭᠤᠢ ᠪᠣᠯᠭᠠᠬᠤ ᠬᠦᠷᠢᠶᠡᠨ ᠳᠦ ᠲᠣᠳᠣᠷᠬᠠᠢ ᠠᠷᠭ᠎ᠠ ᠬᠡᠮᠵᠢᠶ᠎ᠡ ᠨᠦᠭᠦᠳ ᠲᠤᠰᠬᠠᠭᠳᠠᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ