︽ᠬᠥᠪᠰᠥᠭᠥᠯ ᠦᠨ ᠤᠷᠢᠶᠠᠩᠬᠠᠢ ᠶᠢᠨ ᠠᠮᠠᠨ ᠪᠢᠯᠢᠭ︾ ᠨᠣᠮ ᠲᠤᠭᠤᠷᠪᠢᠵᠠᠢ | News.MN

︽ᠬᠥᠪᠰᠥᠭᠥᠯ ᠦᠨ ᠤᠷᠢᠶᠠᠩᠬᠠᠢ ᠶᠢᠨ ᠠᠮᠠᠨ ᠪᠢᠯᠢᠭ︾ ᠨᠣᠮ ᠲᠤᠭᠤᠷᠪᠢᠵᠠᠢ

ᠬᠥᠪᠰᠥᠭᠥᠯ ᠠᠶᠢᠮᠠᠭ ᠤᠨ ᠴᠢᠨᠳᠠᠮᠤᠨᠢ ᠥᠨᠳᠥᠷ ᠰᠤᠮᠤ ᠶᠢᠨ ᠢᠷᠭᠡᠨ ᠭ∙ᠪᠠᠲᠤᠳᠤᠭᠲᠤᠬᠤ  ︽ᠬᠥᠪᠰᠥᠭᠥᠯ ᠦᠨ ᠤᠷᠢᠶᠠᠩᠬᠠᠢ ᠶᠢᠨ ᠠᠮᠠᠨ ᠪᠢᠯᠢᠭ︾ ᠬᠡᠮᠡᠬᠦ ᠨᠣᠮ ᠢ ᠲᠤᠭᠤᠷᠪᠢᠵᠠᠢ᠃
ᠲᠤᠰ ᠨᠤᠮ ᠳᠤ ᠴᠢᠨᠳᠠᠮᠤᠨᠢ -ᠥᠨᠳᠥᠷ ᠰᠤᠮᠤ ᠲᠠᠢ ᠬᠣᠯᠪᠣᠭ᠎ᠠ ᠲᠠᠢ᠂ ᠳᠣᠮᠣᠭ ᠬᠠᠭᠤᠴᠢ ᠶᠠᠷᠢᠶ᠎ᠠ᠂ ᠨᠤᠲᠤᠭ ᠤᠨ ᠠᠷᠠᠳ ᠤᠨ ᠳᠠᠭᠤᠤ᠂ ᠤᠷᠢᠶᠠᠩᠬᠠᠢ ᠦᠭᠡ ᠬᠡᠯᠡᠯᠭᠡ᠂ ᠬᠠᠭᠤᠴᠢᠨ ᠤ ᠭᠡᠷᠡᠯ ᠵᠢᠷᠤᠭ᠂ ᠤᠷᠢᠶᠠᠩᠬᠠᠢ ᠶᠠᠰᠤᠲᠠᠨ ᠤ ᠡᠭᠦᠰᠦᠯ ᠵᠡᠷᠭᠡ ᠣᠯᠠᠨ ᠰᠣᠨᠢᠷᠬᠠᠯᠲᠠᠢ ᠮᠡᠳᠡᠭᠡᠯᠡᠯ ᠦᠳ ᠪᠠᠭᠲᠠᠵᠠᠢ᠃  ᠲᠠᠩᠨᠤ ᠰᠠᠶᠠᠨ ᠤ ᠨᠢᠷᠤᠭᠤᠨ ᠠᠴᠠ ᠮᠣᠩᠭᠣᠯ ᠠᠯᠲᠠᠢ ᠬᠦᠷᠲᠡᠯᠡᠬᠢ  ᠠᠭᠤᠯᠠᠰ ᠢᠶᠠᠷ ᠭᠣᠣᠯᠳᠠᠭᠤ ᠨᠤᠲᠤᠭᠯᠠᠳᠠᠭ᠂ ᠴᠠ ᠪᠣᠯᠤᠨ ᠮᠠᠯ ᠠᠵᠤ ᠠᠬᠤᠢ ᠡᠷᠬᠢᠯᠡᠳᠡᠭ ᠲᠤᠸᠠ᠂  ᠰᠤᠶᠤᠳ᠋ ᠤᠷᠢᠶᠠᠩᠬᠠᠢ ᠵᠡᠷᠭᠡ ᠶᠠᠰᠤᠲᠠᠨ ᠢ ᠨᠡᠶᠢᠲᠡ ᠳᠦ ᠨᠢ ᠤᠷᠢᠶᠠᠩᠬᠠᠢ ᠬᠡᠮᠡᠨ 12 ᠳ᠋ᠤᠭᠠᠷ ᠵᠠᠭᠤᠨ ᠤ ᠦᠶᠡᠰ ᠨᠡᠷᠡᠯᠡᠵᠦ ᠢᠷᠡᠵᠡᠢ᠃ ᠲᠠᠯ᠎ᠠ ᠶᠢᠨ ᠪᠤᠶᠤ ᠮᠠᠯ ᠠᠵᠤ ᠠᠬᠤᠢ ᠡᠷᠬᠢᠯᠡᠵᠦ ᠠᠮᠢᠳᠤᠷᠠᠳᠠᠭ ᠤᠷᠢᠶᠠᠩᠬᠠᠢ ᠶᠠᠰᠤᠲᠠᠨ ᠨᠢ ᠮᠣᠩᠭᠣᠯ ᠤᠭᠰᠠᠭᠠᠨ ᠤ ᠬᠦᠮᠦᠰ ᠶᠤᠮ᠃ ᠬᠠᠷᠢᠨ ᠬᠥᠪᠰᠥᠭᠥᠯ ᠦᠨ ᠤᠷᠢᠶᠠᠩᠬᠠᠢ ᠨᠠᠷ ᠢ ᠬᠠᠰ ᠤᠳ ᠤᠷᠢᠶᠠᠩᠬᠠᠢ ᠪᠤᠶᠤ  ᠬᠠᠩᠬ᠎ᠠ ᠶᠢᠨ ᠤᠷᠢᠶᠠᠩᠬᠠᠢ᠂ ᠽᠤᠤᠲᠤ ᠤᠷᠢᠶᠠᠩᠬᠠᠢ᠂ ᠵᠦᠭᠳᠡ ᠤᠷᠢᠶᠠᠩᠬᠠᠢ᠂ ᠰᠣᠶᠣᠭ᠎ᠠ ᠤᠷᠢᠶᠠᠩᠬᠠᠢ᠂ ᠴᠠᠲᠠᠨ ᠤᠷᠢᠶᠠᠩᠬᠠᠢ ᠭᠡᠵᠦ ᠲᠠᠪᠤ ᠬᠤᠪᠢᠶᠠᠵᠤ ᠦᠵᠡᠳᠡᠭ ᠠᠵᠡᠢ᠃

ᠰᠡᠳᠬᠢᠭᠳᠡᠯ ᠦᠯᠡᠳᠡᠭᠡᠬᠦ