ᠤᠷᠢᠶᠠᠩᠬᠠᠢ ᠰᠤᠷ ᠤᠨ ᠬᠠᠷᠪᠤᠭᠠᠨ ᠳᠤ ᠪ∙ᠬᠠᠲᠤᠨᠰᠠᠶᠢᠬᠠᠨ ᠲᠦᠷᠦᠭᠦᠯᠡᠯ᠎ᠡ | News.MN

ᠤᠷᠢᠶᠠᠩᠬᠠᠢ ᠰᠤᠷ ᠤᠨ ᠬᠠᠷᠪᠤᠭᠠᠨ ᠳᠤ ᠪ∙ᠬᠠᠲᠤᠨᠰᠠᠶᠢᠬᠠᠨ ᠲᠦᠷᠦᠭᠦᠯᠡᠯ᠎ᠡ

ᠤᠷᠢᠶᠠᠩᠬᠠᠢ ᠰᠤᠷ ᠤᠨ ᠬᠦᠨᠳᠦᠲᠦ ᠮᠡᠷᠭᠡᠨ᠂ ᠮᠣᠩᠭᠣᠯ ᠤᠯᠤᠰ ᠤᠨ ᠭᠠᠪᠢᠶᠠᠲᠤ ᠪᠠᠭᠰᠢ ᠲ∙ᠢᠳᠠᠮᠵᠠᠪ ᠤᠨ ᠨᠡᠷᠡᠮᠵᠢᠲᠦ ︽ᠤᠨᠲ᠋ᠤᠴᠠᠬᠤ︾ ᠬᠠᠷᠪᠤᠭ᠎ᠠ ᠶᠢ ᠮᠣᠩᠭᠣᠯ ᠤᠨ ᠤᠷᠢᠶᠠᠩᠬᠠᠢ ᠰᠤᠷ ᠤᠨ ᠬᠣᠯᠪᠣᠭᠠᠨ ᠠᠴᠠ ᠳᠥᠷᠪᠡᠳᠦᠭᠡᠷ ᠰᠠᠷ᠎ᠠ ᠶᠢᠨ 13᠍ ᠳᠦ ᠠᠩᠬ᠎ᠠ ᠤᠳᠠᠭ᠎ᠠ ᠵᠣᠬᠢᠶᠠᠨ ᠪᠠᠶᠢᠭᠤᠯᠤᠯ᠎ᠠ᠃ ᠨᠡᠶᠢᠲᠡ ᠳᠦ ᠪᠡᠨ 73 ᠬᠠᠷᠪᠤᠭᠠᠴᠢ ᠴᠡᠴᠡ ᠮᠡᠷᠭᠡᠨ ᠢᠶᠡᠨ ᠰᠣᠷᠢᠭᠰᠠᠨ ᠠᠴᠠ ᠤᠯᠤᠰ ᠤᠨ ᠮᠡᠷᠭᠡᠨ ᠳᠣᠯᠣᠭ᠎ᠠ᠂ ᠰᠫᠣᠷᠲ ᠤᠨ ᠮᠠᠰᠲ᠋ᠸᠷ 20᠂ ᠳᠡᠳ᠋ ᠮᠠᠰᠲ᠋ᠸᠷ ᠶᠢᠰᠦᠨ ᠬᠠᠷᠪᠤᠭᠠᠴᠢ ᠤᠷᠤᠯᠴᠠᠪᠠ᠃

ᠲᠡᠷᠢᠭᠦᠨ ᠪᠠᠶᠢᠷᠢ ᠶᠢ ᠤᠯᠠᠭᠠᠨᠪᠠᠭᠠᠲᠤᠷ ᠬᠣᠲᠠ ᠶᠢᠨ ᠨᠠᠯᠠᠶᠢᠬᠤ ᠳᠡᠭᠦᠷᠭᠡ ᠶᠢᠨ ᠬᠠᠷᠢᠶᠠᠲᠤ  ︽ᠮᠣᠨᠳᠡᠢ︾ ᠪᠠᠭ ᠤᠨ ᠬᠠᠷᠪᠤᠭᠠᠴᠢ ᠤᠷᠢᠶᠠᠩᠬᠠᠢ ᠰᠤᠷ ᠤᠨ ᠤᠯᠤᠰ ᠤᠨ ᠮᠡᠷᠭᠡᠨ ᠪ∙ ᠬᠠᠲᠤᠨᠰᠠᠶᠢᠬᠠᠨ ᠲᠦᠷᠦᠭᠦᠯᠡᠵᠦ᠂ ᠪᠠᠶᠠᠨ-ᠥᠯᠥᠭᠡᠢ ᠶᠢᠨ ᠠᠶᠢᠮᠠᠭ ᠤᠨ ᠪᠤᠯᠠᠭᠠᠨ ᠰᠤᠮᠤ ᠶᠢᠨ ᠬᠠᠷᠢᠶᠠᠲᠤ ᠵᠠᠯᠠᠭᠤ ᠬᠠᠷᠪᠤᠭᠠᠴᠢ ᠴ∙ᠣᠳᠬᠣᠨᠳᠠᠯᠠᠢ ᠠᠩᠬ᠎ᠠ ᠤᠳᠠᠭ᠎ᠠ ᠲᠡᠮᠡᠴᠡᠭᠡᠨ ᠳᠦ ᠣᠷᠣᠯᠴᠠᠨ ᠤᠳᠠᠭᠠᠯᠠᠯ᠎ᠠ᠃ ᠬᠦᠷᠡᠯ ᠮᠧᠳᠠᠯ ᠢ ᠳᠣᠷᠣᠨᠠᠲᠤ ᠠᠶᠢᠮᠠᠭ ᠤᠨ ᠪᠤᠯᠠᠭᠠᠨ ᠰᠤᠮᠤ ᠶᠢᠨ ᠬᠠᠷᠢᠶᠠᠲᠤ᠂ ︽ᠠᠨᠳᠠ ᠨᠤᠭᠤᠳ︾ ᠪᠠᠭ ᠤᠨ ᠬᠠᠷᠪᠤᠭᠠᠴᠢ ᠪ∙ᠨᠢᠮᠠᠪᠠᠶᠠᠷ᠂ ᠬᠣᠪᠳᠣ ᠠᠶᠢᠮᠠᠭ ᠤᠨ ᠳᠠᠭᠤᠲᠤ ᠰᠤᠮᠤ ᠶᠢᠨ ᠬᠠᠷᠢᠶᠠᠲᠤ ︽ᠮᠣᠨᠳᠡᠢ ︾  ᠪᠠᠭ ᠤᠨ ᠬᠠᠷᠪᠤᠭᠠᠴᠢ ᠪ∙ᠴᠣᠭᠲᠤᠲᠡᠮᠦᠷ ᠨᠠᠷ ᠬᠦᠷᠲᠡᠭᠰᠡᠨ ᠶᠤᠮ᠃
ᠡᠨᠡ ᠤᠳᠠᠭ᠎ᠠ ᠶᠢᠨ ᠬᠠᠷᠪᠤᠭ᠎ᠠ ᠶᠢ ᠪᠤᠰᠤᠳ ᠬᠠᠷᠪᠤᠭᠠᠨ ᠠᠴᠠ ᠳᠦᠷᠢᠮ ᠦᠨ ᠬᠤᠪᠢ ᠳᠤ ᠥᠪᠡᠷᠮᠢᠴᠡ ᠳᠡᠭ ᠵᠠᠶ᠋ᠢᠭ ᠢᠶᠠᠷ ᠵᠣᠬᠢᠶᠠᠭᠰᠠᠨ ᠃.ᠲᠤᠬᠠᠶᠢᠯᠠᠪᠠᠯ᠂ ᠡᠷᠲᠡᠨ ᠦ ᠤᠯᠠᠮᠵᠢᠯᠠᠯ ᠢ ᠰᠢᠩᠭᠡᠭᠡᠵᠦ ᠬᠠᠷᠪᠤᠭᠠᠴᠢᠳ ᠣᠨᠲ᠋ᠤᠴᠠᠨ ︵ᠬᠠᠭᠠᠯᠴᠠᠬᠤ ᠂ ᠬᠠᠷᠪᠤᠯᠴᠠᠬᠤ︶ ᠳᠠᠪᠠᠭᠠᠴᠢᠯᠠᠭᠰᠠᠨ ᠢᠶᠠᠷ ᠬᠣᠶᠠᠷ ᠬᠠᠷᠪᠤᠭᠠᠴᠢ ᠶᠢᠨ ᠬᠣᠭᠣᠷᠣᠨᠳᠣ ᠶᠢᠨ ᠥᠷᠢᠰᠦᠯᠳᠦᠭᠡᠨ ᠢ ᠢᠯᠡᠭᠦᠦ ᠭᠠᠷᠭᠠᠭᠰᠠᠨ ᠪᠠᠶᠢᠨ᠎ᠠ᠃ ᠡᠬᠢᠨ ᠦ ᠳᠠᠪᠠᠭᠠᠨ ᠳᠤ ᠪᠦᠬᠦ ᠬᠠᠷᠪᠤᠭᠠᠴᠢ ᠶᠢᠰᠦᠨ ᠰᠤᠮᠤ ᠲᠠᠯᠪᠢᠵᠤ᠂ ᠬᠣᠶᠠᠳᠤᠭᠠᠷ ᠳᠠᠪᠠᠭᠠᠨ ᠳᠤ ᠬᠠᠮᠤᠭ ᠤᠨ ᠪᠠᠭ᠎ᠠ ᠣᠨᠣᠭ᠎ᠠ ᠲᠠᠢ ᠬᠠᠷᠪᠤᠭᠠᠴᠢᠳ ᠢ ᠣᠨᠣᠭᠠᠯᠲᠠ ᠪᠠᠷ ᠬᠣᠶᠠᠷ ᠬᠣᠶᠠᠷ ᠢᠶᠠᠷ ᠨᠢ ᠥᠷᠢᠰᠦᠯᠳᠦᠭᠦᠯᠵᠦ ᠢᠯᠠᠭᠰᠠᠨ ᠬᠠᠷᠪᠤᠭᠠᠴᠢ ᠶᠢ ᠭᠤᠷᠪᠠᠳᠤᠭᠠᠷ ᠳᠠᠪᠠᠭᠠᠨ ᠤ 64  ᠬᠠᠷᠪᠤᠭᠠᠴᠢ  ᠳᠤ ᠦᠯᠡᠳᠡᠭᠡᠭᠰᠡᠨ ᠶᠤᠮ᠃ ᠢᠩᠭᠢᠭᠡᠳ ᠦᠯᠡᠳᠡᠭᠰᠡᠨ 64 ᠬᠠᠷᠪᠤᠭᠠᠴᠢ ᠶᠢ ᠨᠤᠭᠤᠯᠵᠤ ᠵᠢᠷᠭᠤᠭᠠᠨ ᠰᠤᠮᠤ  ᠬᠠᠷᠪᠤᠭᠤᠯᠵᠤ ᠂ ᠢᠯᠠᠭᠰᠠᠨ ᠨᠢ 32 ᠲᠦ ᠦᠯᠡᠳᠡᠵᠦ ᠥᠨᠳᠥᠷ ᠴᠣᠯᠠ ᠲᠠᠢ ᠬᠠᠷᠪᠤᠭᠠᠴᠢᠳ ᠳᠠᠷᠠᠭ᠎ᠠ ᠶᠢᠨ ᠳᠠᠪᠠᠭ᠎ᠠ ᠨᠤᠭᠤᠳ ᠲᠤ ᠠᠮᠠᠯᠠᠬᠤ ᠪᠠᠶᠢᠳᠠᠯ ᠢᠶᠠᠷ ᠬᠠᠷᠪᠤᠯ᠎ᠠ᠃ ᠥᠪᠡᠷᠮᠢᠴᠡ ᠮᠥᠨ ᠡᠷᠲᠡᠨ ᠦ ᠤᠯᠠᠮᠵᠢᠯᠠᠯ ᠢ ᠰᠢᠩᠭᠡᠭᠡᠭᠰᠡᠨ ᠥᠷᠢᠰᠦᠯᠳᠦᠭᠡᠨ ᠲᠡᠢ ᠡᠨᠡᠬᠦ ᠬᠠᠷᠪᠤᠭ᠎ᠠ ᠶᠢ ᠴᠢᠨᠠᠭᠰᠢᠳᠠ ᠤᠯᠠᠮᠵᠢᠯᠠᠯ ᠪᠣᠯᠭᠠᠨ ᠶᠠᠪᠤᠭᠤᠯᠬᠤ ᠨᠢ ᠵᠦᠢᠲᠡᠢ ᠭᠡᠳᠡᠭ ᠢ ᠬᠠᠷᠪᠤᠭᠠᠴᠢᠳ ᠣᠨᠴᠠᠯᠠᠵᠤ ᠪᠠᠶᠢᠪᠠ᠃

ᠰᠡᠳᠬᠢᠭᠳᠡᠯ ᠦᠯᠡᠳᠡᠭᠡᠬᠦ