︽ᠮᠣᠩᠭᠣᠯ ᠤᠨ ᠨᠢᠭᠤᠴᠠ ᠲᠤᠪᠴᠢᠶᠠᠨ ︾᠍  ᠢ ᠬᠠᠰᠠᠭ ᠬᠡᠯᠡ ᠪᠡᠷ ᠣᠷᠴᠢᠭᠤᠯᠵᠠᠢ | News.MN

︽ᠮᠣᠩᠭᠣᠯ ᠤᠨ ᠨᠢᠭᠤᠴᠠ ᠲᠤᠪᠴᠢᠶᠠᠨ ︾᠍  ᠢ ᠬᠠᠰᠠᠭ ᠬᠡᠯᠡ ᠪᠡᠷ ᠣᠷᠴᠢᠭᠤᠯᠵᠠᠢ

ᠰᠤᠶᠤᠯ ᠰᠤᠳᠤᠯᠤᠯ ᠤᠨ ᠤᠬᠠᠭᠠᠨ ᠤ ᠳ᠋ᠣᠺᠲ᠋ᠣᠷ᠂ ᠰᠤᠳᠤᠯᠤᠭᠠᠴᠢ ᠲ∙ᠶᠧᠲ᠋ᠧᠺᠪᠠᠢ ︽ᠮᠣᠩᠭᠣᠯ ᠤᠨ ᠨᠢᠭᠤᠴᠠ  ᠲᠤᠪᠴᠢᠶᠠᠨ︾ ᠍ ᠤ ᠰᠣᠩᠭᠣᠳᠠᠭ ᠡᠬᠡ ᠶᠢ ᠬᠠᠰᠠᠭ ᠬᠡᠯᠡᠨ ᠳᠤ ᠣᠷᠴᠢᠭᠤᠯᠵᠤ ᠰᠠᠶ᠋ᠢᠬᠠᠨ ᠤᠯᠠᠭᠠᠨᠪᠠᠭᠠᠲᠤᠷ ᠬᠤᠲᠠ ᠳᠤ ᠬᠡᠪᠯᠡᠭᠦᠯᠵᠡᠢ ᠃ ᠡᠨᠡ ᠨᠢ ᠤᠭ ᠨᠣᠮ ᠢ ᠬᠠᠰᠠᠭ ᠬᠡᠯᠡᠨ ᠳᠦ ᠣᠷᠴᠢᠭᠤᠯᠤᠭᠰᠠᠨ  ᠬᠤᠶᠠᠳᠠᠬᠢ ᠠᠵᠢᠯ ᠪᠥᠭᠡᠳ ᠮᠣᠩᠭᠣᠯ ᠤᠯᠤᠰ ᠤᠨ ᠠᠷᠠᠳ ᠤᠨ ᠤᠷᠠᠨ ᠵᠣᠬᠢᠶᠠᠯᠴᠢ ᠰ∙ᠮᠠᠭᠠᠦ᠋ᠢᠶ᠎ᠠ ᠠᠺᠠᠳᠧᠮᠢᠴᠢ ᠼ∙ᠳᠠᠮᠳᠢᠨᠰᠦ᠋ᠷᠦᠩ ᠤᠨ ᠬᠥᠷᠪᠡᠭᠦᠯᠦᠭᠰᠡᠨ ᠠᠩᠬᠠᠨ ᠤ ᠬᠤᠪᠢᠯᠪᠤᠷᠢ ᠪᠠᠷ ᠨᠢ 1979 ᠣᠨ ᠳᠤ ᠣᠷᠴᠢᠭᠤᠯᠵᠤ ᠪᠠᠶᠢᠴᠠᠢ᠃ ᠲᠤᠬᠠᠢ ᠶᠢᠨ ᠣᠷᠴᠢᠭᠤᠯᠭ᠎ᠠ ᠬᠡᠯᠡ ᠰᠢᠨᠵᠢᠯᠡᠯ ᠦᠨ ᠰᠢᠨᠵᠢᠯᠡᠬᠦ ᠤᠬᠠᠭᠠᠨ ᠤ ᠳ᠋ᠣᠺᠲ᠋ᠣᠷ ᠪ∙ᠪᠠᠽᠢᠯᠬᠠᠨ ᠂ ᠢᠷᠠᠭᠤ ᠨᠠᠶᠢᠷᠠᠭᠴᠢ ᠪ∙ᠢᠮᠠᠱᠬᠠᠨ ᠨᠠᠷ ᠤᠨ ᠷᠧᠳᠠᠺᠲ᠋ᠣᠷᠯᠠᠭᠰᠠᠨ ᠢᠶᠠᠷ 1998 ᠣᠨ ᠳᠤ ᠬᠠᠰᠠᠭᠰᠲ᠋ᠠᠨ ᠤ  ᠠᠯᠮᠠᠲ᠋ᠢ  ᠬᠤᠲᠠ ᠳᠤ ︔ ᠢᠷᠠᠭᠤ ᠨᠠᠶᠢᠷᠠᠭᠴᠢ ᠷ∙ᠰᠤᠷᠠᠭᠠᠨ ᠤ ᠷᠧᠳᠠᠺᠲ᠋ᠣᠷᠯᠠᠭᠰᠠᠨ ᠢᠶᠠᠷ 2006 ᠣᠨ ᠳᠤ ᠥᠯᠥᠭᠡᠢ ᠬᠤᠲᠠ ᠳᠤ ᠲᠤᠰ ᠲᠤᠰ ᠳᠠᠬᠢᠨ  ᠬᠡᠪᠯᠡᠭᠳᠡᠵᠦ ᠪᠠᠶᠢᠵᠠᠢ ᠃
2004 ᠣᠨ ᠳᠤ ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠵᠠᠷᠯᠢᠭ ᠢᠶᠠᠷ ᠠᠺᠠᠳᠧᠮᠢᠴᠢ ᠱ∙ ᠪᠢᠷᠠ᠂ ᠳ∙ᠲᠡᠮᠦᠷᠲᠣᠭᠣᠭ᠎ᠠ᠂ ᠳ∙ᠴᠡᠷᠡᠩᠰᠤᠳᠨᠠᠮ᠂ ᠫᠷᠣᠹᠧᠰᠰᠣᠷ ᠲ∙ᠳᠠᠰᠢᠼᠡᠳᠡᠨ᠂ ᠱ∙ᠴᠣᠶᠢᠮ᠎ᠠ᠂ ᠪ∙ᠰᠤᠮᠢᠶᠠᠪᠠᠭᠠᠲᠤᠷ ᠵᠡᠷᠭᠡ ᠡᠷᠳᠡᠮᠲᠡᠳ ᠦᠨ ᠣᠷᠣᠯᠴᠠᠭ᠎ᠠ ᠲᠠᠢ ᠪᠠᠷ ᠬᠢᠲᠠᠳ ᠭᠠᠯᠢᠭ ᠢᠶᠠᠷ ᠪᠢᠴᠢᠭᠳᠡᠭᠰᠡᠨ ᠬᠤᠪᠢᠯᠪᠤᠷᠢ᠂ ᠲᠡᠦᠬᠡᠨ ᠪᠠᠷᠢᠮᠲᠠ ᠨᠤᠭᠤᠳ᠂ ᠪᠤᠰᠤᠳ ᠡᠷᠳᠡᠮᠲᠡᠨ ᠰᠤᠳᠤᠯᠤᠭᠠᠴᠢᠳ ᠤᠨ ᠪᠦᠲᠦᠭᠡᠯ ᠦᠳ ᠢ ᠰᠤᠳᠤᠯᠵᠤ ᠦᠵᠡᠭᠰᠡᠨ ᠦ ᠦᠨᠳᠦᠰᠦᠨ ᠳᠦ  ︽ᠮᠣᠩᠭᠣᠯ ᠤᠨ ᠨᠢᠭᠤᠴᠠ ᠲᠤᠪᠴᠢᠶᠠᠨ︾ ᠤ ᠣᠷᠴᠢᠨ ᠴᠠᠭ ᠤᠨ ᠮᠣᠩᠭᠣᠯ ᠬᠡᠯᠡ ᠳᠡᠭᠡᠷᠡᠬᠢ ᠬᠥᠷᠪᠡᠭᠦᠯᠭᠡ ᠳᠦ ᠵᠠᠷᠢᠮ ᠨᠢᠭᠡ ᠥᠭᠡᠷᠡᠴᠢᠯᠡᠯᠲᠡ ᠨᠦᠭᠦᠳ ᠢ ᠣᠷᠣᠭᠤᠯᠤᠭᠰᠠᠨ᠃ ᠡᠨᠡᠬᠦ ᠰᠣᠩᠭᠣᠳᠠᠭ ᠡᠬᠡ ᠶᠢ ᠬᠠᠰᠠᠭ ᠬᠡᠯᠡ ᠪᠡᠷ ᠣᠯᠠᠨ ᠲᠦᠮᠡᠨ ᠳᠦ ᠬᠦᠷᠭᠡᠬᠦ ᠱᠠᠭᠠᠷᠳᠠᠯᠭ᠎ᠠ ᠭᠠᠷᠤᠭᠰᠠᠨ ᠲᠤᠯᠠ ᠰᠡᠭᠦᠯ ᠦᠨ ᠨᠢᠭᠡ ᠵᠢᠯ ᠢ ᠨᠣᠮ ᠣᠷᠴᠢᠭᠤᠯᠬᠤ ᠳᠤ ᠵᠠᠷᠤᠴᠠᠭᠤᠯᠤᠯ᠎ᠠ᠃ ᠬᠠᠰᠠᠭ ᠬᠡᠯᠡ ᠳᠡᠭᠡᠷᠡᠬᠢ ᠨᠣᠮ ᠮᠠᠨᠢ ᠰᠠᠶ᠋ᠢᠬᠠᠨ ᠠᠺᠠᠳᠧᠮᠢᠴᠢ ᠳ∙ ᠴᠡᠷᠡᠩᠰᠤᠳᠨᠠᠮ ᠭᠤᠸᠠᠢ ᠶᠢᠨ ᠮᠢᠯᠢᠶᠠᠯᠭ᠎ᠠ ᠶᠢᠨ ᠦᠭᠡ ᠪᠡᠷ ᠬᠡᠪᠯᠡᠭᠳᠡᠵᠦ ᠭᠠᠷᠤᠭᠰᠠᠨ ᠬᠡᠮᠡᠨ ᠣᠷᠴᠢᠭᠤᠯᠤᠭᠴᠢ ᠬᠡᠯᠡᠵᠦ ᠪᠠᠶᠢᠨ᠎ᠠ᠃ ᠣᠷᠴᠢᠭᠤᠯᠭ᠎ᠠ ᠶᠢᠨ  ᠷᠸᠳᠠᠺᠲ᠋ᠤᠷ  ᠢᠶᠠᠷ ᠨᠢ ᠳ᠋ᠣᠺᠲ᠋ᠣᠷ᠂ ᠫᠷᠣᠹᠧᠰᠰᠣᠷ ᠮ∙ᠬᠤᠷᠮᠸᠲᠾᠠᠨ᠂ ︽ᠮᠣᠩᠭᠣᠯ ᠤᠨ ᠨᠢᠭᠤᠴᠠ  ᠲᠤᠪᠴᠢᠶᠠᠨ︾ ᠍ ᠤ ᠲᠤᠬᠠᠢ ᠲᠦᠷᠺ ᠬᠡᠯᠡ ᠪᠡᠷ ᠡᠷᠳᠡᠮ ᠦᠨ ᠵᠡᠷᠭᠡ ᠬᠠᠮᠠᠭᠠᠯᠠᠭᠰᠠᠨ ᠡᠷᠳᠡᠮᠲᠡᠨ ᠮ ∙ ᠤᠤᠭᠠᠨᠪᠠᠶᠠᠷ ᠨᠠᠷ ᠠᠵᠢᠯᠯᠠᠵᠠᠢ᠃

ᠰᠡᠳᠬᠢᠭᠳᠡᠯ ᠦᠯᠡᠳᠡᠭᠡᠬᠦ