ᠮᠣᠩᠭᠣᠯ ᠤᠨ ᠥᠰᠪᠦᠷᠢ ᠶᠢᠨ ᠰᠢᠲᠠᠷᠠᠴᠢᠳ ᠰᠷᠢᠯᠠᠨᠺᠠ ᠤᠯᠤᠰ ᠤᠨ ᠺᠠᠯᠤᠲ᠋ᠠᠷ ᠬᠤᠲᠠ ᠳᠤ ᠪᠣᠯᠤᠭᠰᠠᠨ ᠲᠢᠪ ᠦᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠥᠨᠳᠥᠷ ᠠᠮᠵᠢᠯᠲᠠ ᠦᠵᠡᠭᠦᠯᠪᠡ᠃ ᠡᠨᠡ ᠰᠠᠷ᠎ᠠ ᠶᠢᠨ 1-10 ᠳᠤ ᠪᠣᠯᠤᠭᠰᠠᠨ ᠥᠰᠪᠦᠷᠢ ᠶᠢᠨ ᠰᠢᠲᠠᠷᠠᠴᠢᠳ ᠤᠨ ᠠᠽᠢᠶ᠎ᠠ ᠲᠢᠪ ᠦᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ 20 ᠣᠷᠣᠨ ᠤ 300 ᠭᠠᠷᠤᠢ ᠰᠢᠲᠠᠷᠠᠴᠢᠨ 8᠂ 10᠂ 12᠂ 14᠂ 16᠂ 18 ᠨᠠᠰᠤᠨ ᠤ ᠠᠩᠭᠢᠯᠠᠯ ᠳᠤ ᠰᠢᠯᠢᠳᠡᠭ ᠦᠳ ᠢᠶᠡᠨ ᠲᠣᠳᠣᠷᠠᠭᠤᠯᠤᠯ᠎ᠠ ᠮᠣᠩᠭᠣᠯ ᠠᠴᠠ ᠦᠬᠢᠳ ᠤᠨ 12 ᠨᠠᠰᠤᠨ ᠳᠤ ᠼ∙ᠠᠨᠤᠳᠠᠷᠢ ᠶᠢᠰᠦᠨ ᠥᠷᠥᠭ ᠦᠨ ᠲᠣᠭᠯᠠᠯᠲᠠ ᠠᠴᠠ ᠳᠣᠯᠣᠭᠠᠨ ᠬᠣᠵᠢᠯ᠂ ᠬᠣᠶᠠᠷ ᠲᠡᠩᠴᠡᠭᠡ ᠬᠢᠵᠦ᠂ 8ᠣᠨᠣᠭ᠎ᠠ ᠪᠠᠷ ᠲᠢᠪ ᠦᠨ ᠠᠪᠤᠷᠭᠤ ᠪᠣᠯᠤᠯ᠎ᠠ᠃ ᠡᠨᠡ ᠠᠩᠭᠢᠯᠠᠯ ᠳᠤ ᠸᠢᠶᠧᠲ᠋ᠨᠠᠮ᠂ ᠬᠠᠰᠠᠭᠰᠲ᠋ᠠᠨ ᠤ ᠰᠢᠲᠠᠷᠠᠴᠢᠳ ᠮᠥᠩᠭᠥ᠂ ᠬᠦᠷᠡᠯ ᠮᠧᠳᠠᠯ ᠬᠦᠷᠲᠡᠭᠰᠡᠨ ᠪᠣᠯ ᠭ∙ᠬᠠᠯᠢᠭᠤᠨ ᠱᠠᠩᠨᠠᠯᠲᠤ ᠳᠥᠷᠪᠡᠳᠦᠭᠡᠷ ᠪᠠᠶᠢᠷᠢ ᠶᠢ ᠡᠵᠡᠯᠡᠵᠡᠢ᠃ ᠨᠡᠶᠢᠲᠡ 12 ᠣᠷᠣᠨ ᠤ 55 ᠰᠢᠲᠠᠷᠠᠴᠢᠨ ᠥᠷᠢᠰᠦᠯᠳᠦᠭᠰᠡᠨ ᠪᠠᠶᠢᠨ᠎ᠠ᠃
ᠬᠥᠪᠡᠭᠦᠳ ᠦᠨ 12 ᠨᠠᠰᠤᠨ ᠳᠤ ᠯ∙ᠸᠴᠢᠷᠪᠠᠲᠤ ᠳᠥᠷᠪᠡᠨ ᠬᠣᠵᠢᠯ᠂ ᠲᠠᠪᠤᠨ ᠲᠡᠩᠴᠡᠭᠡ ᠬᠢᠵᠦ 6.5 ᠣᠨᠣᠭ᠎ᠠ ᠪᠠᠷ ᠬᠦᠷᠡᠯ ᠮᠧᠳᠠᠯ ᠬᠦᠷᠲᠡᠵᠡᠢ ᠃ ᠡᠨᠡ ᠠᠩᠭᠢᠯᠠᠯ ᠳᠤ ᠨᠡᠶᠢᠲᠡ 57 ᠰᠢᠲᠠᠷᠠᠴᠢᠨ ᠥᠷᠢᠰᠦᠯᠳᠦᠵᠦ᠂ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ᠂ ᠡᠨᠡᠳᠬᠡᠭ ᠦᠨ ᠲᠠᠮᠢᠷᠴᠢᠨ ᠠᠯᠲᠠ᠂ ᠮᠥᠩᠭᠥᠨ ᠮᠧᠳᠠᠯ ᠬᠦᠷᠲᠡᠭᠰᠡᠨ ᠪᠠᠶᠢᠨ᠎ᠠ᠃