ᠦᠨᠳᠦᠰᠦᠨ ᠦ ᠰᠤᠷ ᠬᠠᠷᠪᠤᠭ᠎ᠠ ᠪᠠᠷ ᠬᠢᠴᠢᠶᠡᠯᠯᠡᠵᠦ ᠡᠬᠢᠯᠡᠵᠡᠢ | News.MN

ᠦᠨᠳᠦᠰᠦᠨ ᠦ ᠰᠤᠷ ᠬᠠᠷᠪᠤᠭ᠎ᠠ ᠪᠠᠷ ᠬᠢᠴᠢᠶᠡᠯᠯᠡᠵᠦ ᠡᠬᠢᠯᠡᠵᠡᠢ

ᠰᠦᠬᠡᠪᠠᠭᠠᠲᠤᠷ ᠠᠶᠢᠮᠠᠭ ᠤᠨ ᠠᠭᠤᠯᠠᠪᠠᠶᠠᠨ ᠰᠤᠮᠤᠨ ᠳᠤ ᠦᠨᠳᠦᠰᠦᠨ ᠦ ᠰᠤᠷ ᠬᠠᠷᠪᠤᠭᠠᠨ ᠤ ᠰᠤᠷᠭᠠᠯᠲᠠ ᠲᠣᠭᠲᠠᠮᠠᠯ ᠬᠢᠴᠢᠶᠡᠯᠯᠡᠵᠦ ᠡᠬᠢᠯᠡᠵᠡᠢ᠃ ᠰᠤᠮᠤ ᠶᠢᠨ ᠵᠠᠰᠠᠭ ᠳᠠᠷᠤᠭ᠎ᠠ ᠨᠢᠭᠡ ᠰᠠᠶ᠎ᠠ ᠲᠥᠭᠥᠷᠢᠭ ᠦᠨ ᠳᠡᠮᠵᠢᠯᠭᠡ ᠦᠵᠡᠭᠦᠯᠵᠦ᠂ ᠰᠤᠷᠭᠠᠯᠲᠠ ᠶᠢᠨ ᠬᠡᠷᠡᠭᠯᠡᠭᠳᠡᠬᠦᠨ ᠪᠣᠯᠬᠤ ᠬᠣᠶᠠᠷ ᠰᠢᠷᠬᠡᠭ ᠨᠤᠮᠤ᠂ ᠠᠷᠪᠠᠨ ᠰᠤᠮᠤ᠂ ᠬᠠᠰᠠᠨ ᠤ ᠬᠠᠮᠲᠤ ᠠᠪᠴᠤ ᠥᠭᠭᠦᠭᠰᠡᠨ ᠪᠠᠶᠢᠨ᠎ᠠ᠃
ᠡᠬᠢᠨ ᠦ ᠡᠭᠡᠯᠵᠢᠨ ᠳᠦ ᠨᠠᠰᠤᠨ ᠳᠤ ᠬᠦᠷᠦᠭᠰᠡᠳ ᠲᠦ᠂ ᠴᠢᠨᠠᠭᠰᠢᠳᠠ ᠪᠠᠨ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠦᠨ ᠰᠤᠷᠤᠭᠴᠢᠳ ᠲᠤ ᠰᠤᠷᠭᠠᠯᠲᠠ ᠪᠠᠨ ᠶᠠᠪᠤᠭᠤᠯᠬᠤ ᠲᠥᠯᠥᠪᠯᠡᠭᠡ ᠲᠡᠢ ᠪᠠᠶᠢᠨ᠎ᠠ᠃ ᠰᠤᠷᠭᠠᠯᠲᠠ ᠶᠢᠨ ᠨᠡᠭᠡᠭᠡᠯᠲᠡ ᠶᠢᠨ ᠬᠢᠴᠢᠶᠡᠯ ᠢ ᠠᠶᠢᠮᠠᠭ ᠤᠨ ᠦᠨᠳᠦᠰᠦᠨ ᠦ ᠰᠤᠷ ᠤᠨ ᠬᠣᠯᠪᠣᠭᠠᠨ ᠤ ᠲᠡᠷᠢᠭᠦᠨ᠂ ᠨᠠᠷᠢᠨ ᠪᠢᠴᠢᠭ ᠦᠨ ᠳᠠᠷᠤᠭ᠎ᠠ᠂ ᠲᠡᠷᠢᠭᠦᠯᠡᠭᠴᠢ ᠭᠡᠰᠢᠭᠦᠳ ᠦᠨ ᠬᠠᠮᠲᠤ ᠪᠠᠷ ᠢᠷᠡᠵᠦ ᠶᠠᠪᠤᠭᠤᠯᠤᠯ᠎ᠠ᠃ ᠰᠤᠷ ᠬᠠᠷᠪᠤᠬᠤ ᠶᠢᠨ ᠲᠤᠯᠠᠳᠠ ᠡᠬᠢᠯᠡᠭᠡᠳ ᠵᠣᠭᠰᠣᠯᠲᠠ᠂ ᠨᠤᠮᠤ  ᠪᠠᠷᠢᠯᠲᠠ ᠭᠡᠳ ᠮᠠᠰᠢ ᠣᠯᠠᠨ ᠲᠧᠭᠨᠢᠭ ᠰᠤᠷᠬᠤ ᠶᠣᠰᠣᠲᠠᠢ ᠪᠠᠶᠢᠳᠠᠭ᠃ ᠠᠩᠬᠠᠨ ᠠᠴᠠ ᠪᠠᠨ ᠲᠧᠭᠨᠢᠭ ᠢᠶᠡᠨ ᠵᠥᠪ ᠰᠤᠷᠴᠢᠬᠠᠪᠠᠯ ᠴᠠᠰᠢ ᠰᠤᠷᠤᠯᠴᠠᠬᠤ ᠳᠤ ᠢᠯᠡᠭᠦᠦ ᠬᠢᠯᠪᠠᠷ ᠪᠠᠶᠢᠬᠤ ᠪᠣᠯᠤᠨ᠎ᠠ ᠬᠡᠮᠡᠨ ᠠᠭᠤᠯᠠᠪᠠᠶᠠᠨ ᠰᠤᠮᠤ ᠶᠢᠨ ᠦᠨᠳᠦᠰᠦᠨ ᠦ ᠰᠤᠷ ᠤᠨ ᠬᠣᠯᠪᠣᠭᠠᠨ ᠤ ᠲᠡᠷᠢᠭᠦᠨ ᠨ∙ᠤᠷᠠᠨᠪᠢᠯᠢᠭ᠌ ᠬᠡᠯᠡᠪᠡ᠃

ᠰᠡᠳᠬᠢᠭᠳᠡᠯ ᠦᠯᠡᠳᠡᠭᠡᠬᠦ