ᠰᠤᠶᠤᠯ ᠤᠨ ᠡᠯᠴᠢ ᠪᠡᠷ ᠣ᠊∙ᠠᠨᠤᠵᠢᠨ ᠢ ᠲᠤᠮᠢᠯᠠᠪᠠ | News.MN

ᠰᠤᠶᠤᠯ ᠤᠨ ᠡᠯᠴᠢ ᠪᠡᠷ ᠣ᠊∙ᠠᠨᠤᠵᠢᠨ ᠢ ᠲᠤᠮᠢᠯᠠᠪᠠ

ᠮᠣᠩᠭᠣᠯ ᠤᠯᠤᠰ ᠤᠨ ᠭᠠᠪᠢᠶᠠᠲᠤ ᠵᠦᠴᠦᠭᠡᠴᠢᠨ᠂ ᠪᠠᠯᠧᠲᠴᠢᠨ ᠣ᠊∙ᠠᠨᠤᠵᠢᠨ ᠢ ᠮᠣᠩᠭᠣᠯ ᠤᠯᠤᠰ ᠤᠨ ᠰᠤᠶᠤᠯ ᠤᠨ ᠡᠯᠴᠢ ᠪᠡᠷ ᠲᠣᠮᠢᠯᠠᠵᠠᠢ᠃ ᠭᠠᠳᠠᠭᠠᠳᠤ ᠬᠠᠷᠢᠯᠴᠠᠭᠠᠨ ᠤ ᠰᠠᠶᠢᠳ ᠳ∙ᠴᠣᠭᠲᠤᠪᠠᠭᠠᠲᠤᠷ ᠭᠡᠷᠡᠴᠢᠯᠡᠭᠡ ᠶᠢ ᠨᠢ ᠥᠴᠥᠭᠡᠳᠦᠷ ᠭᠠᠷᠳᠠᠭᠤᠯᠵᠠᠢ᠃ ᠳᠠᠭᠤᠷᠢ ᠪᠦᠵᠢᠭ ᠦᠨ ᠡᠷᠳᠡᠮ ᠦᠨ ᠲᠢᠶᠠᠲ᠋ᠷ ᠤᠨ ᠭᠣᠴᠣᠯᠠᠯ ᠪᠦᠵᠢᠭᠴᠢᠨ᠂ ᠭᠠᠪᠢᠶᠠᠲᠤ ᠵᠦᠵᠦᠭᠡᠴᠢᠨ ᠣ᠊∙ᠠᠨᠤᠵᠢᠨ 2018 ᠣᠨ ᠳᠤ ᠱᠠᠩᠬᠠᠢ ᠶᠢᠨ ᠣᠯᠠᠨ ᠤᠯᠤᠰ ᠤᠨ ᠪᠠᠯᠧᠲ ᠤᠨ ᠤᠷᠤᠯᠳᠤᠭᠠᠨ ᠤ ᠬᠦᠷᠡᠯ ᠮᠧᠳᠠᠯ᠂ ᠪᠦᠭᠦᠳᠡ ᠨᠠᠶᠢᠷᠠᠮᠳᠠᠬᠤ ᠰᠣᠯᠣᠩᠭᠣᠰ ᠤᠯᠤᠰ ᠤᠨ ᠣᠯᠠᠨ ᠤᠯᠤᠰ ᠤᠨ ᠪᠠᠯᠧᠲ ᠤᠨ 11 ᠳ᠋ᠤᠭᠡᠷ ᠲᠡᠮᠡᠴᠡᠭᠡᠨ ᠦ ᠭᠷᠡᠨᠫᠷᠢ ᠂ 2015 ᠣᠨ ᠳᠤ ᠲᠣᠺᠢᠣ᠋ ᠰᠢᠲ᠋ᠢ ᠪᠠᠯᠧᠲ ᠲᠡᠮᠡᠴᠡᠭᠡᠨ ᠦ 3 ᠳ᠋ᠤᠭᠠᠷ ᠪᠠᠶᠢᠷᠢ ᠶᠢ ᠡᠵᠡᠯᠡᠵᠦ ᠪᠠᠶᠢᠭᠰᠠᠨ ᠵᠠᠯᠠᠭᠤ ᠤᠷᠠᠨ ᠪᠦᠲᠦᠭᠡᠯᠴᠢ ᠶᠤᠮ᠃
ᠣ᠊∙ᠠᠨᠤᠵᠢᠨ ᠮᠣᠩᠭᠣᠯ ᠤᠯᠤᠰ ᠤᠨ ᠰᠤᠶᠤᠯ ᠤᠨ ᠡᠯᠴᠢ ᠪᠡᠷ ᠲᠣᠮᠢᠯᠠᠭᠳᠠᠨ ᠠᠵᠢᠯᠯᠠᠬᠤ ᠬᠤᠭᠤᠴᠠᠭᠠᠨ ᠳᠤ ᠪᠠᠨ ᠮᠣᠩᠭᠣᠯ ᠤᠯᠤᠰ᠂ ᠮᠣᠩᠭᠣᠯ ᠰᠤᠶᠤᠯ᠂ ᠤᠷᠠᠯᠢᠭ ᠢ ᠳᠡᠯᠡᠬᠡᠢ ᠳ᠋ᠠᠬᠢᠨ ᠳᠤ ᠢᠳᠡᠪᠬᠢᠲᠡᠢ ᠰᠤᠷᠲᠠᠯᠴᠢᠯᠠᠨ ᠲᠠᠨᠢᠭᠤᠯᠬᠤ ᠴᠢᠭᠯᠡᠯ ᠢᠶᠡᠷ ᠠᠵᠢᠯᠯᠠᠬᠤ ᠶᠤᠮ ᠪᠠᠶᠢᠨ᠎ᠠ᠃

ᠰᠡᠳᠬᠢᠭᠳᠡᠯ ᠦᠯᠡᠳᠡᠭᠡᠬᠦ