ᠶᠡᠷᠦᠩᠬᠡᠶᠢᠯᠡᠭᠴᠢ᠂ ᠵᠠᠰᠠᠭ ᠤᠨ ᠭᠠᠵᠠᠷ ᠤᠨ ᠨᠡᠷ᠎ᠡ ᠬᠦᠨᠳᠦ ᠪᠠᠭᠤᠷᠠᠵᠠᠢ | News.MN

ᠶᠡᠷᠦᠩᠬᠡᠶᠢᠯᠡᠭᠴᠢ᠂ ᠵᠠᠰᠠᠭ ᠤᠨ ᠭᠠᠵᠠᠷ ᠤᠨ ᠨᠡᠷ᠎ᠡ ᠬᠦᠨᠳᠦ ᠪᠠᠭᠤᠷᠠᠵᠠᠢ

︽ᠠᠷᠠᠳᠴᠢᠯᠠᠭᠰᠠᠨ ᠵᠠᠰᠠᠭᠯᠠᠯ ︾ ᠰᠤᠳᠤᠯᠭᠠᠨ ᠤ 2016-2018 ᠣᠨ ᠤ ᠦᠷ᠎ᠡ ᠳ᠋ᠦᠩ ᠢ ᠦᠨᠳᠦᠰᠦᠨ ᠦ ᠰᠲ᠋ᠠᠲ᠋ᠢᠰᠲ᠋ᠢᠺ ᠤᠨ ᠬᠣᠷᠢᠶ᠎ᠠ ᠬᠠᠷᠢᠴᠠᠭᠤᠯᠤᠨ ᠰᠤᠳᠤᠯᠵᠠᠢ᠃ ᠬᠡᠪᠯᠡᠯ ᠮᠡᠳᠡᠭᠡᠯᠡᠯ ᠦᠨ ᠡᠷᠬᠡ ᠴᠢᠯᠦᠭᠡ ᠨᠢ ᠬᠡᠪᠯᠡᠯ ᠮᠡᠳᠡᠭᠡᠯᠡᠯ ᠦᠨ ᠬᠡᠷᠡᠭᠰᠡᠯ ᠦᠨ ᠤᠯᠤᠰ ᠲᠥᠷᠥ᠂ ᠰᠠᠩᠬᠦᠦ᠂ ᠡᠳ᠋  ᠦᠨ ᠵᠠᠰᠠᠭ ᠤᠨ ᠬᠤᠪᠢ ᠳᠤ ᠬᠠᠷᠢᠶᠠᠲᠤ ᠪᠤᠰᠤ ᠪᠠᠶᠢᠳᠠᠯ ᠬᠠᠩᠭᠠᠭᠳᠠᠭᠰᠠᠨ ᠡᠰᠡᠬᠦ ᠪᠡᠷ ᠢᠯᠡᠷᠬᠡᠶᠢᠯᠡᠭᠳᠡᠨ᠎ᠡ᠃ ᠢᠷᠭᠡᠳ ᠳᠤᠮᠳᠠ ᠬᠡᠪᠯᠡᠯ ᠮᠡᠳᠡᠭᠡᠯᠡᠯ ᠦᠨ ᠬᠡᠷᠡᠭᠰᠡᠯ ᠤᠯᠤᠰ ᠲᠥᠷᠥ ᠡᠴᠡ  ᠬᠠᠷᠢᠶᠠᠳᠤ ᠪᠤᠰᠤ ᠪᠠᠶᠢᠳᠠᠭ ᠭᠡᠳᠡᠭ ᠲᠡᠢ ᠰᠠᠨᠠᠯ ᠨᠡᠶᠢᠯᠡᠬᠦ ᠦᠭᠡᠢ ᠪᠠᠶᠢᠭ᠎ᠠ ᠢᠷᠭᠡᠨ ᠵᠣᠩᠬᠢᠯᠠᠭᠰᠠᠨ ᠪᠠᠶᠢᠨ᠎ᠠ᠃
ᠲᠥᠷᠥ ᠶᠢᠨ ᠡᠷᠬᠡ ᠪᠠᠷᠢᠬᠤ ᠳᠡᠭᠡᠳᠦ ᠪᠠᠶᠢᠭᠤᠯᠤᠯᠭ᠎ᠠ ᠨᠤᠭᠤᠳ ᠲᠤ ᠥᠭᠭᠦᠭᠰᠡᠨ ᠢᠷᠭᠡᠳ ᠦᠨ ᠦᠨᠡᠯᠡᠭᠡ ᠶᠢ ᠠᠪᠴᠤ ᠦᠵᠡᠪᠡᠯ ᠶᠡᠷᠦᠩᠬᠡᠶᠢᠯᠡᠭᠴᠢ ᠶᠢ ᠦᠨᠡᠯᠡᠬᠦ ᠦᠨᠡᠯᠡᠮᠵᠢ 2017 ᠣᠨ ᠳᠤ ᠥᠰᠴᠦ ᠪᠠᠶᠢᠭᠰᠠᠨ ᠪᠣᠯ 2018 ᠣᠨ ᠳᠤ ᠪᠠᠭᠤᠷᠠᠭᠰᠠᠨ᠃ ᠶᠡᠷᠦᠩᠬᠡᠶᠢᠯᠡᠭᠴᠢ ᠳᠦ ᠢᠲᠡᠭᠡᠳᠡᠭ ᠡᠰᠡᠬᠦ ᠲᠠᠯ᠎ᠠ ᠪᠠᠷ ︽ᠮᠡᠳᠡᠬᠦ ᠦᠭᠡᠢ︾ ᠭᠡᠵᠦ ᠬᠠᠷᠢᠭᠤᠯᠬᠤ ᠬᠦᠮᠦᠨ ᠦ ᠲᠣᠭ᠎ᠠ 2016 ᠣᠨ ᠤ ᠬᠢ ᠠᠴᠠ ᠥᠰᠦᠭᠰᠡᠨ ᠪᠠᠶᠢᠨ᠎ᠠ᠃ ᠲᠣᠳᠣᠷᠠᠭᠤᠯᠪᠠᠯ᠂ ︽ᠮᠡᠳᠡᠬᠦ ᠦᠭᠡᠢ︾ᠭᠡᠵᠦ ᠬᠠᠷᠢᠭᠤᠯᠤᠭᠰᠠᠨ ᠢᠷᠭᠡᠳ ᠦᠨ ᠡᠵᠡᠯᠡᠬᠦ ᠬᠤᠪᠢ 2016 ᠣᠨ ᠳᠤ 6.3%᠂ 2017 ᠣᠨ ᠳᠤ 8.7%᠂ 2018 ᠣᠨ ᠳᠤ 7.8% ᠬᠤᠪᠢ ᠪᠠᠶᠢᠨ᠎ᠠ᠃
ᠤᠯᠤᠰ ᠤᠨ ᠶᠡᠬᠡ ᠬᠤᠷᠠᠯ ᠳᠦ ᠢᠲᠡᠭᠡᠯ ᠬᠦᠯᠢᠶᠡᠯᠭᠡᠵᠦ ᠪᠠᠶᠢᠭ᠎ᠠ ᠢᠷᠭᠡᠳ ᠦᠨ ᠦᠨᠡᠯᠡᠭᠡ ᠮᠥᠨ ᠯᠠ ᠮᠠᠭᠤᠳᠠᠵᠠᠢ᠃ ᠲᠣᠳᠣᠷᠠᠭᠤᠯᠪᠠᠯ᠂ ᠫᠠᠷᠯᠠᠮᠧᠨᠲ ᠤᠨ ᠭᠡᠰᠢᠭᠦᠳ ᠲᠦ ᠢᠲᠡᠭᠡᠳᠡᠭ ᠦᠭᠡᠢ ᠪᠣᠯᠤᠨ ᠣᠭᠲᠣ ᠢᠲᠡᠭᠡᠳᠡᠭ ᠦᠭᠡᠢ ᠭᠡᠵᠦ ᠰᠤᠳᠤᠯᠭᠠᠨ ᠳᠤ ᠬᠠᠮᠤᠷᠤᠭᠳᠠᠭᠰᠠᠨ ᠢᠷᠭᠡᠳ ᠦᠨ 43.1% ᠨᠢ 2016 ᠣᠨ ᠳᠤ ᠦᠨᠡᠯᠡᠵᠦ ᠪᠠᠶᠢᠭᠰᠠᠨ ᠨᠢ 2017 ᠣᠨ ᠳᠤ 35.1% ᠪᠣᠯᠵᠤ ᠪᠠᠭ᠎ᠠ ᠵᠡᠷᠭᠡ ᠰᠠᠶᠢᠵᠢᠷᠡᠭᠰᠡᠨ ᠪᠣᠯ 2018 ᠣᠨ ᠳᠤ 58.5% ᠪᠣᠯᠵᠤ ᠡᠷᠭᠢᠭᠡᠳ ᠳᠣᠭᠣᠭᠰᠢᠯᠠᠭᠰᠠᠨ ᠪᠠᠶᠢᠨ᠎ᠠ᠃ ᠵᠠᠰᠠᠭ ᠤᠨ ᠭᠠᠵᠠᠷ ᠲᠤ ᠢᠲᠡᠭᠡᠯ ᠮᠥᠨ ᠶᠡᠷᠦᠩᠬᠡᠶᠢᠯᠡᠭᠴᠢ ᠶᠢᠨ ᠬᠢ ᠲᠡᠢ ᠠᠳᠠᠯᠢ 2017 ᠣᠨ ᠳᠤ ᠰᠠᠶᠢᠵᠢᠷᠠᠵᠤ ᠪᠠᠶᠢᠭᠰᠠᠨ ᠪᠣᠯ 2018 ᠣᠨ ᠳᠤ ᠡᠷᠡᠰ ᠮᠠᠭᠤᠳᠠᠭᠰᠠᠨ ᠪᠠᠶᠢᠨ᠎ᠠ᠃ ᠭᠦᠢᠴᠡᠳᠭᠡᠬᠦ ᠵᠠᠰᠠᠭᠯᠠᠯ ᠳᠤ ᠢᠲᠡᠭᠡᠳᠡᠭ ᠦᠭᠡᠢ ᠭᠡᠰᠡᠨ ᠦᠨᠡᠯᠡᠯᠲᠡ 2016 ᠣᠨ ᠳᠤ 42.6% ᠍ ᠲᠠᠢ ᠪᠠᠶᠢᠭᠰᠠᠨ ᠪᠣᠯ 2017 ᠣᠨ ᠳᠤ 32.8% ᠪᠤᠯᠵᠤ ᠢᠷᠭᠡᠳ ᠦᠨ ᠢᠲᠡᠭᠡᠯ ᠢ ᠬᠦᠯᠢᠶᠡᠬᠦ ᠦᠵᠡᠭᠦᠯᠦᠯᠲᠡ ᠰᠠᠶᠢᠵᠢᠷᠠᠵᠤ ᠪᠠᠶᠢᠵᠠᠢ᠃ ᠬᠠᠷᠢᠨ 2018 ᠣᠨ ᠤ ᠬᠤᠪᠢ ᠳᠤ ᠰᠤᠳᠤᠯᠭᠠᠨ ᠳᠤ ᠣᠷᠣᠯᠴᠠᠭᠰᠠᠨ ᠢᠷᠭᠡᠳ ᠦᠨ ᠲᠠᠯ᠎ᠠ ᠬᠤᠪᠢ ᠨᠢ ᠵᠠᠰᠠᠭ ᠤᠨ ᠭᠠᠵᠠᠷ ᠲᠤ ᠢᠲᠡᠭᠡᠬᠦ ᠦᠭᠡᠢ ᠪᠠᠶᠢᠭ᠎ᠠ ᠪᠠᠨ ᠢᠯᠡᠷᠬᠡᠶᠢᠯᠡᠭᠰᠡᠨ ᠪᠠᠶᠢᠨ᠎ᠠ᠃ ᠡᠨᠡᠬᠦ ᠰᠤᠳᠤᠯᠭ᠎ᠠ ᠶᠢ ᠬᠢᠬᠦ ᠳᠦ ᠪᠡᠨ ᠡᠷᠦᠬᠡ ᠶᠢᠨ ᠨᠡᠶᠢᠭᠡᠮ᠂ ᠡᠳ᠋ ᠍ ᠦᠨ ᠵᠠᠰᠠᠭ ᠤᠨ ᠰᠤᠳᠤᠯᠭᠠᠨ ᠳᠤ ᠰᠣᠩᠭᠣᠭᠳᠠᠭᠰᠠᠨ ᠡᠷᠦᠬᠡ ᠨᠦᠭᠦᠳ ᠡᠴᠡ 2748 ᠬᠦᠮᠦᠨ ᠢ ᠲᠡᠭᠦᠪᠦᠷᠢᠯᠡᠨ ᠰᠣᠩᠭᠣᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ