ᠲᠡᠷᠪᠤᠮ ᠠᠴᠠ ᠳᠡᠭᠡᠭᠰᠢ ᠬᠠᠳᠠᠭᠠᠯᠠᠮᠵᠢ ᠲᠠᠢ 7 ᠭᠡᠰᠢᠭᠦᠨ ᠪᠠᠶᠢᠨ᠎ᠠ | News.MN

ᠲᠡᠷᠪᠤᠮ ᠠᠴᠠ ᠳᠡᠭᠡᠭᠰᠢ ᠬᠠᠳᠠᠭᠠᠯᠠᠮᠵᠢ ᠲᠠᠢ 7 ᠭᠡᠰᠢᠭᠦᠨ ᠪᠠᠶᠢᠨ᠎ᠠ

ᠲᠥᠷᠥ ᠶᠢᠨ ᠥᠨᠳᠥᠷ ᠠᠯᠪᠠᠨ ᠲᠤᠰᠢᠶᠠᠯᠲᠠᠨ ᠨᠤᠭᠤᠳ ᠤᠨ 2018 ᠣᠨ ᠤ ᠬᠥᠷᠥᠩᠭᠡ ᠣᠷᠣᠯᠭ᠎ᠠ ᠶᠢᠨ ᠮᠡᠳᠡᠭᠦᠯᠭᠡ ᠶᠢ ᠠᠪᠯᠢᠭ᠎ᠠ ᠲᠠᠢ ᠲᠡᠮᠡᠴᠡᠬᠦ ᠭᠠᠵᠠᠷ ᠠᠴᠠ ᠣᠯᠠᠨ ᠨᠡᠶᠢᠲᠡ ᠳᠦ ᠵᠠᠷᠯᠠᠭᠰᠠᠨ ᠪᠢᠯᠡ᠃ ᠥᠨᠳᠥᠷ ᠠᠯᠪᠠᠨ ᠲᠤᠰᠢᠶᠠᠯᠲᠠᠨ ᠨᠤᠭᠤᠳ ᠤᠨ ᠬᠡᠨ ᠨᠢ  ᠬᠢᠷᠢ ᠬᠥᠷᠥᠩᠭᠡ ᠲᠡᠢ ᠪᠣᠯᠤᠭᠰᠠᠨ ᠪᠤᠢ ᠭᠡᠳᠡᠭ ᠬᠠᠮᠤᠭ ᠤᠨ ᠶᠡᠬᠡ ᠠᠩᠬᠠᠷᠤᠯ ᠲᠠᠲᠠᠳᠠᠭ᠃  ᠡᠨᠡ ᠤᠳᠠᠭ᠎ᠠ ᠳᠤ ᠪᠢᠳᠡ ᠬᠠᠳᠠᠭᠠᠯᠠᠮᠵᠢ ᠪᠠᠷ ᠢᠶᠠᠨ ᠲᠡᠷᠢᠭᠦᠯᠡᠵᠦ ᠪᠤᠢ ᠠᠷᠪᠠᠨ ᠭᠡᠰᠢᠭᠦᠨ ᠦ ᠵᠢᠭᠰᠠᠭᠠᠯᠲᠠ ᠶᠢ ᠬᠦᠷᠭᠡᠵᠦ ᠪᠠᠶᠢᠨ᠎ᠠ᠃ ᠠᠷᠠᠳ ᠲᠦᠮᠡᠨ ᠨᠢ ᠴᠠᠯᠢᠩ ᠠᠴᠠ ᠴᠠᠯᠢᠩ ᠤᠨ ᠬᠣᠭᠣᠷᠣᠨᠳᠣ ᠥᠷᠢ ᠵᠢᠭᠡᠯᠡ ᠲᠡᠢ ᠡᠳᠦᠷ ᠬᠣᠨᠣᠭ ᠢ ᠥᠩᠭᠡᠷᠡᠭᠡᠵᠦ ᠪᠤᠢ ᠮᠠᠨ ᠤ ᠣᠷᠣᠨ ᠤ ᠤᠯᠤᠰ ᠤᠨ ᠶᠡᠬᠡ ᠬᠤᠷᠠᠯ ᠤᠨ ᠭᠡᠰᠢᠭᠦᠳ᠂ ᠲᠥᠷᠥ ᠶᠢᠨ ᠥᠨᠳᠥᠷ ᠠᠯᠪᠠᠨ ᠲᠤᠰᠢᠶᠠᠯᠲᠠᠨ ᠨᠤᠭᠤᠳ ᠤᠨ ᠬᠥᠷᠥᠩᠭᠡ ᠮᠥᠩᠭᠥ ᠨᠢ ᠬᠡᠳᠦᠨ ᠲᠡᠷᠪᠤᠮ ᠢᠶᠠᠷ ᠬᠡᠮᠵᠢᠭᠳᠡᠬᠦ ᠪᠣᠯᠤᠭᠰᠠᠨ᠃ ᠮᠠᠭᠠᠳ ᠦᠭᠡᠢ ᠲᠥᠷᠥ ᠡᠴᠡ ᠲᠦᠷᠦᠭᠰᠡᠨ ᠲᠡᠷᠪᠤᠮᠲᠠᠨ ᠨᠤᠭᠤᠳ  ᠭᠡᠬᠦ ᠦᠭᠡ ᠡᠭᠦᠨ ᠡᠴᠡ ᠯᠠ ᠡᠭᠦᠳᠦᠯᠲᠡᠢ᠃

ᠬᠠᠤᠯᠢ ᠲᠣᠭᠲᠠᠭᠠᠬᠤ ᠳᠡᠭᠡᠳᠦ ᠪᠠᠶᠢᠭᠤᠯᠤᠯᠭ᠎ᠠ ᠳᠤ ᠲᠡᠷᠪᠤᠮ ᠤᠨ ᠬᠠᠳᠠᠭᠠᠯᠠᠮᠵᠢ ᠲᠠᠢ ᠳᠣᠯᠣᠭᠠᠨ ᠭᠡᠰᠢᠭᠦᠨ ᠪᠠᠶᠢᠳᠠᠭ᠃ ᠡᠭᠦᠨ ᠳᠦ ᠂ ᠵ∙ᠭᠠᠩᠪᠠᠭᠠᠲᠤᠷ 22.9 ᠲᠡᠷᠪᠤᠮ ᠂  ᠪ∙ᠨᠠᠷᠠᠨᠬᠦᠦ 12.5 ᠲᠡᠷᠪᠤᠮ ᠂ ᠼ∙ᠮᠥᠩᠬᠡ-ᠣᠷᠭᠢᠯ 5.6 ᠲᠡᠷᠪᠤᠮ ᠂ ᠵ∙ᠡᠩᠬᠡᠪᠠᠶᠠᠷ 4.9 ᠲᠡᠷᠪᠤᠮ ᠂     1.5 ᠲᠡᠷᠪᠤᠮ ᠂  ᠪ∙ᠳᠡᠯᠭᠡᠷᠰᠠᠶᠢᠬᠠᠨ 1.5 ᠲᠡᠷᠪᠤᠮ ᠂ ᠨ∙ᠤᠴᠠᠷᠠᠯ 1.3 ᠲᠡᠷᠪᠤᠮ ᠂ ᠪ∙ ᠪᠠᠲᠤᠵᠤᠷᠢᠭ 621 ᠰᠠᠶ᠎ᠠ ᠂ ᠮ∙ᠡᠩᠬᠡᠪᠣᠯᠤᠳ 613  ᠰᠠᠶ᠎ᠠ᠂ ᠬ∙ᠪᠣᠯᠣᠷᠴᠢᠯᠠᠭᠤᠨ 560  ᠰᠠᠶ᠎ᠠ ᠬᠠᠳᠠᠭᠠᠯᠠᠮᠵᠢ ᠲᠠᠢ ᠪᠠᠶᠢᠨ᠎ᠠ ᠃

ᠰᠡᠳᠬᠢᠭᠳᠡᠯ ᠦᠯᠡᠳᠡᠭᠡᠬᠦ