ᠢᠷᠭᠡᠳ ᠦᠨ ᠪᠠᠩᠬᠢᠨ ᠳᠤ ᠢᠲᠡᠭᠡᠬᠦ ᠢᠲᠡᠭᠡᠯ ᠨᠡᠮᠡᠭᠳᠡᠭᠰᠡᠨ | News.MN

ᠢᠷᠭᠡᠳ ᠦᠨ ᠪᠠᠩᠬᠢᠨ ᠳᠤ ᠢᠲᠡᠭᠡᠬᠦ ᠢᠲᠡᠭᠡᠯ ᠨᠡᠮᠡᠭᠳᠡᠭᠰᠡᠨ

ᠮᠣᠩᠭᠣᠯ ᠤᠨ ᠪᠠᠩᠬᠢᠨ ᠤ ᠬᠣᠯᠪᠣᠭᠠᠨ ᠠᠴᠠ ᠥᠩᠭᠡᠷᠡᠭᠰᠡᠨ ᠣᠨ ᠳᠤ ᠢᠷᠭᠡᠳ ᠦᠨ ᠳᠤᠮᠳᠠ ᠪᠠᠩᠬᠢᠨ ᠳᠤ ᠢᠲᠡᠭᠡᠬᠦ ᠢᠲᠡᠭᠡᠯ ᠦᠨ  ᠰᠤᠳᠤᠯᠭᠠᠨ ᠢ ᠬᠦᠨᠳᠡᠯᠡᠨ ᠦ ᠪᠠᠶᠢᠭᠤᠯᠤᠯᠭ᠎ᠠ ᠪᠠᠷ ᠬᠢᠯᠭᠡᠭᠰᠡᠨ ᠪᠠᠶᠢᠨ᠎ᠠ᠃ ᠰᠤᠳᠤᠯᠭᠠᠨ ᠤ ᠳ᠋ᠦᠩ ᠳᠦ ᠢᠷᠭᠡᠳ ᠦᠨ ᠪᠠᠩᠬᠢᠨ ᠳᠤ ᠢᠲᠡᠭᠡᠬᠦ ᠢᠲᠡᠭᠡᠯ ᠨᠡᠮᠡᠭᠳᠡᠭᠰᠡᠨ  ᠪᠠᠶᠢᠨ᠎ᠠ᠃ ᠡᠨᠡ ᠲᠠᠯ᠎ᠠ ᠪᠠᠷ ᠮᠣᠩᠭᠣᠯ ᠤᠨ ᠪᠠᠩᠬᠢᠨ ᠤ ᠬᠣᠯᠪᠣᠭᠠᠨ ᠤ ᠭᠦᠢᠴᠡᠳᠭᠡᠬᠦ ᠵᠠᠬᠢᠷᠤᠯ ᠵ∙ᠦᠨᠡᠨᠪᠠᠲᠤ᠄ ᠪᠢᠳᠡ ᠢᠷᠭᠡᠳ ᠦᠨ ᠪᠠᠩᠬᠢᠨ ᠳᠤ ᠢᠲᠡᠭᠡᠬᠦ ᠢᠲᠡᠭᠡᠯ ᠶᠠᠮᠠᠷ ᠪᠠᠶᠢᠨ᠎ᠠ ᠪᠤᠢ ᠭᠡᠳᠡᠭ ᠠᠰᠠᠭᠤᠳᠠᠯ ᠢᠶᠠᠷ ᠬᠦᠨᠳᠡᠯᠡᠨ ᠦ ᠪᠠᠶᠢᠭᠤᠯᠤᠯᠭ᠎ᠠ ᠪᠠᠷ ᠰᠤᠳᠤᠯᠭᠠᠨ ᠬᠢᠯᠭᠡᠭᠰᠡᠨ᠃ ᠨᠡᠶᠢᠭᠡᠮ ᠪᠠᠩᠬᠢ ᠲᠠᠢ ᠬᠣᠯᠪᠣᠭ᠎ᠠ ᠲᠠᠢ ᠠᠰᠠᠭᠤᠳᠠᠯ ᠳᠤ ᠡᠶᠡᠷᠡᠬᠦ᠂ ᠰᠦᠬᠡᠷᠡᠬᠦ ᠶᠠᠩᠵᠤ ᠪᠦᠷᠢ ᠪᠡᠷ ᠬᠠᠨᠳᠤᠳᠠᠭ ᠴᠤ ᠶᠡᠷᠦᠩᠬᠡᠢ ᠳᠦ ᠪᠡᠨ ᠢᠷᠭᠡᠳ ᠦᠨ ᠳᠤᠮᠳᠠ ᠪᠠᠩᠬᠢᠨ ᠳᠤ ᠢᠲᠡᠭᠡᠬᠦ ᠢᠲᠡᠭᠡᠯ ᠨᠡᠮᠡᠭᠳᠡᠭᠰᠡᠨ ᠪᠠᠶᠢᠨ᠎ᠠ ᠭᠡᠰᠡᠨ ᠦᠷ᠎ᠡ ᠳ᠋ᠦᠩ ᠭᠠᠷᠤᠭᠰᠠᠨ᠃ ᠵᠠᠷᠢᠮ ᠨᠢᠭᠡ ᠪᠠᠩᠬᠢ ᠲᠣᠳᠣᠷᠬᠠᠢ ᠬᠡᠮᠵᠢᠶ᠎ᠡ ᠪᠡᠷ ᠲᠥᠯᠥᠪᠦᠷᠢ ᠶᠢᠨ ᠴᠢᠳᠠᠪᠤᠷᠢ ᠦᠭᠡᠢ ᠪᠣᠯᠵᠤ ᠪᠠᠶᠢᠭ᠎ᠠ ᠨᠢ ᠪᠤᠰᠤᠳ ᠪᠠᠩᠬᠢᠨ ᠤ ᠦᠢᠯᠡ ᠠᠵᠢᠯᠯᠠᠭᠠᠨ ᠳᠤ ᠨᠦᠯᠦᠭᠡᠯᠡᠬᠦ ᠵᠦᠢᠯ ᠣᠭᠲᠣᠬᠠᠨ ᠴᠤ ᠪᠠᠶᠢᠬᠤ ᠦᠭᠡᠢ ᠭᠡᠵᠦ ᠬᠡᠪᠯᠡᠯ ᠳᠦ ᠥᠭᠭᠦᠭᠰᠡᠨ ᠶᠠᠷᠢᠯᠴᠠᠯᠭ᠎ᠠ ᠳᠤ ᠪᠠᠨ ᠳᠤᠷᠠᠳᠴᠠᠢ᠃

ᠰᠡᠳᠬᠢᠭᠳᠡᠯ ᠦᠯᠡᠳᠡᠭᠡᠬᠦ