ᠨᠣᠮ ᠤᠨ ᠰᠠᠩᠴᠢ ᠡᠮᠡᠭᠡ ᠳᠦ ᠺᠤᠮᠫᠢᠦ᠋ᠲᠸᠷ ᠪᠡᠯᠡᠭᠯᠡᠪᠡ | News.MN

ᠨᠣᠮ ᠤᠨ ᠰᠠᠩᠴᠢ ᠡᠮᠡᠭᠡ ᠳᠦ ᠺᠤᠮᠫᠢᠦ᠋ᠲᠸᠷ ᠪᠡᠯᠡᠭᠯᠡᠪᠡ

ᠪᠠᠶᠠᠩᠭᠤᠤᠯ ᠳᠡᠭᠦᠷᠭᠡ ᠶᠢᠨ 10 ᠳ᠋ᠤᠭᠠᠷ ᠬᠣᠷᠢᠶᠠᠨ ᠤ ᠣᠷᠣᠰᠢᠨ ᠰᠠᠭᠤᠭᠴᠢ᠂ 60 ᠭᠠᠷᠤᠢ ᠨᠠᠰᠤᠲᠠᠢ᠂ ᠠᠬᠠᠮᠠᠳ ᠲᠡᠮᠦᠷ ᠵᠠᠮᠴᠢᠨ ᠰ∙ᠬᠡᠰᠢᠭᠲᠦ ᠭᠤᠸᠠᠢ 2018 ᠣᠨ ᠠᠴᠠ ᠡᠬᠢᠯᠡᠨ ᠭᠡᠷ ᠢᠶᠡᠷ ᠢᠶᠡᠨ ᠨᠣᠮ ᠤᠨ ᠰᠠᠩ ᠠᠵᠢᠯᠯᠠᠭᠤᠯᠵᠤ᠂ ᠣᠶᠢᠷ᠎ᠠ ᠣᠷᠴᠢᠮ ᠤᠨ ᠢᠶᠠᠨ ᠰᠤᠷᠤᠭᠴᠢ ᠪᠠᠭᠠᠴᠤᠳ ᠲᠤ ᠣᠯᠠᠨ ᠲᠥᠷᠥᠯ ᠦᠨ ᠰᠣᠨᠢᠷᠬᠠᠯᠲᠠᠢ ᠨᠣᠮ ᠢᠶᠠᠷ ᠦᠢᠯᠡᠴᠢᠯᠡᠬᠦ ᠪᠣᠯᠵᠠᠢ᠃ ᠬᠡᠦᠬᠡᠳ ᠦᠨ ᠢᠷᠡᠭᠡᠳᠦᠢ ᠶᠢᠨ ᠲᠥᠯᠥᠭᠡ ᠬᠢᠵᠦ ᠪᠤᠢ ᠲᠡᠭᠦᠨ ᠦ ᠰᠠᠶᠢᠨ ᠦᠢᠯᠡᠰ ᠢ ᠳᠡᠮᠵᠢᠵᠦ ᠪᠣᠯᠪᠠᠰᠤᠷᠠᠯ ᠰᠤᠶᠤᠯ ᠰᠢᠨᠵᠢᠯᠡᠬᠦ ᠤᠬᠠᠭᠠᠨ ᠰᠫᠣᠷᠲ ᠤᠨ ᠰᠠᠶᠢᠳ ᠶᠣ᠊ ∙ᠪᠠᠭᠠᠲᠤᠷᠪᠢᠯᠢᠭ᠌ ᠨᠣᠮ ᠤᠨ ᠰᠠᠩᠴᠢ ᠡᠮᠡᠭᠡ ᠳᠦ ᠵᠥᠭᠡᠭᠡᠪᠦᠷᠢ ᠶᠢᠨ ᠺᠤᠮᠫᠢᠦ᠋ᠲᠸᠷ ᠪᠡᠯᠡᠭᠯᠡᠯ᠎ᠡ᠃
︽ᠰᠡᠭᠦᠯ ᠦᠨ ᠦᠶ᠎ᠡ ᠶᠢᠨ ᠬᠡᠦᠬᠡᠳ ᠦᠳ ᠢ ᠨᠣᠮ ᠤᠩᠰᠢᠬᠤ ᠪᠠᠨ ᠪᠣᠯᠢᠭᠰᠠᠨ ᠭᠡᠵᠦ ᠶᠠᠷᠢᠳᠠᠭ᠃ ᠦᠨᠡᠨ ᠳᠦ ᠪᠡᠨ ᠠᠪᠤ ᠡᠵᠢ ᠨᠢ ᠠᠩᠬᠠᠷᠴᠤ᠂ ᠨᠣᠮ ᠠᠪᠴᠤ ᠥᠭᠴᠦ᠂ ᠬᠠᠮᠲᠤ ᠳᠤ ᠪᠠᠨ ᠤᠩᠰᠢᠵᠤ᠂ ᠤᠷᠮᠠᠰᠢᠭᠤᠯᠵᠤ ᠴᠢᠳᠠᠬᠤ ᠦᠭᠡᠢ ᠪᠠᠶᠢᠨ᠎ᠠ᠃ ᠬᠡᠦᠬᠡᠳ ᠲᠦ ᠪᠡᠨ ᠭᠠᠷ ᠤᠲᠠᠰᠤ ᠠᠪᠴᠤ  ᠦᠭᠴᠦ ᠪᠤᠯᠤᠨ᠎ᠠ᠃ ᠭᠡᠬᠦ ᠳᠦ ᠪᠡᠨ ᠵᠠᠪᠠᠯ ᠨᠣᠮ ᠲᠠᠢ ᠨᠥᠬᠦᠷᠯᠡᠭᠦᠯᠵᠦ᠂ ᠡᠨᠡ ᠶᠡᠬᠡ ᠴᠠᠬᠢᠮ ᠳᠠᠪᠠᠯᠭᠠᠨ ᠠᠴᠠ ᠬᠠᠮᠠᠭᠠᠯᠠᠬᠤ ᠬᠡᠷᠡᠭᠲᠡᠢ ︾ ᠭᠡᠵᠦ ᠰᠠᠶᠢᠨ ᠳᠤᠷ᠎ᠠ ᠶᠢᠨ ᠨᠣᠮ ᠤᠨ ᠰᠠᠩᠴᠢ ᠬᠡᠯᠡᠵᠦ ᠪᠠᠶᠢᠨ᠎ᠠ᠃

ᠰᠡᠳᠬᠢᠭᠳᠡᠯ ᠦᠯᠡᠳᠡᠭᠡᠬᠦ