︽ᠲᠥᠯ ᠲᠠᠪᠤᠨ ᠡᠷᠳᠡᠨᠢ︾ ᠨᠡᠪᠲᠡᠷᠡᠭᠦᠯᠭᠡ  ᠪᠡᠯᠡᠳᠭᠡᠨ᠎ᠡ | News.MN

︽ᠲᠥᠯ ᠲᠠᠪᠤᠨ ᠡᠷᠳᠡᠨᠢ︾ ᠨᠡᠪᠲᠡᠷᠡᠭᠦᠯᠭᠡ  ᠪᠡᠯᠡᠳᠭᠡᠨ᠎ᠡ

ᠬᠦᠨᠡᠰᠦ ᠬᠥᠳᠡᠭᠡ ᠠᠵᠤ ᠠᠬᠤᠢ ᠬᠥᠩᠭᠡᠨ ᠦᠢᠯᠡᠳᠪᠦᠷᠢ ᠶᠢᠨ ᠶᠠᠮᠤᠨ᠂ ᠮᠣᠩᠭᠣᠯ  ᠤᠨ ᠦᠨᠳᠦᠰᠦᠨ ᠦ ᠣᠯᠠᠨ ᠨᠡᠶᠢᠲᠡ ᠶᠢᠨ ᠷᠠᠳᠢᠣ᠋᠂ ᠲᠧᠯᠧᠸᠢᠽ ᠬᠠᠮᠲᠤᠷᠠᠨ  ︽ᠲᠥᠯ ᠲᠠᠪᠤᠨ ᠡᠷᠳᠡᠨᠢ ︾ ᠲᠥᠰᠥᠯ ᠢ ᠡᠨᠡ ᠵᠢᠯ  ᠵᠢᠷᠭᠤᠭᠠᠳᠠᠬᠢ ᠵᠢᠯ ᠳᠦ ᠪᠡᠨ ᠬᠡᠷᠡᠭᠵᠢᠭᠦᠯᠦᠨ᠎ᠡ᠃ ᠡᠨᠡᠬᠦ ᠲᠥᠰᠥᠯ ᠦᠨ 2019 ᠣᠨ ᠤ ᠨᠡᠭᠡᠭᠡᠯᠲᠡ ᠲᠥᠪ ᠠᠶᠢᠮᠠᠭ ᠤᠨ ᠠᠷᠤ ᠬᠤᠰᠤᠲᠤ ᠰᠤᠮᠤ ᠶᠢᠨ ᠤᠯᠤᠰ ᠤᠨ ᠰᠠᠶᠢᠨ ᠮᠠᠯᠴᠢᠨ ᠴ∙ᠫᠦᠷᠪᠦᠵᠠᠯ ᠤᠨ ᠬᠤᠲᠠ ᠳᠤ ᠪᠣᠯᠤᠭᠰᠠᠨ ᠶᠤᠮ᠃

︽ᠲᠥᠯ ᠲᠠᠪᠤᠨ ᠡᠷᠳᠡᠨᠢ︾ ᠨᠡᠪᠲᠡᠷᠡᠭᠦᠯᠭᠡ ᠡᠨᠡ ᠵᠢᠯ ︽ᠵᠠᠯᠠᠭᠤ ᠮᠠᠯᠴᠢᠨ-ᠵᠠᠯᠭᠠᠮᠵᠢ ᠬᠠᠯᠠᠭ᠎ᠠ︾ ᠤᠷᠢᠶ᠎ᠠ ᠲᠠᠢ 21 ᠠᠶᠢᠮᠠᠭ ᠤᠨ ᠠᠯᠤᠰᠯᠠᠭᠳᠠᠭᠰᠠᠨ 67 ᠰᠤᠮᠤᠨ ᠳᠤ ᠠᠵᠢᠯᠯᠠᠵᠤ᠂ ᠦᠵᠡᠭᠴᠢ ᠰᠣᠨᠣᠰᠤᠭᠴᠢᠳ ᠲᠤ ᠪᠠᠨ ᠨᠡᠪᠲᠡᠷᠡᠭᠦᠯᠭᠡ ᠪᠡᠨ ᠪᠡᠯᠡᠳᠬᠡᠨ ᠬᠦᠷᠭᠡᠬᠦ ᠶᠤᠮ᠃ ᠲᠣᠳᠣᠷᠠᠭᠤᠯᠪᠠᠯ ︽ᠲᠥᠷᠥ ᠡᠴᠡ ᠮᠠᠯᠴᠢᠳ ᠤᠨ ᠲᠠᠯ᠎ᠠ ᠪᠠᠷ ᠪᠠᠷᠢᠮᠲᠠᠯᠠᠬᠤ ᠪᠣᠳᠣᠯᠭ᠎ᠠ ︾ ᠶᠢᠨ ᠬᠡᠷᠡᠭᠵᠢᠯᠲᠡ᠂ ︽ᠮᠠᠯ ᠤᠨ ᠭᠸᠨᠢᠲ᠋ᠢᠺ ᠦᠨ ᠨᠥᠭᠡᠴᠡ ᠶᠢᠨ ᠲᠤᠬᠠᠢ︾ ᠬᠠᠤᠯᠢ᠂  ︽ᠮᠠᠯ ᠠᠮᠢᠲᠠᠨ ᠤ ᠡᠷᠡᠭᠦᠯ ᠮᠡᠨᠳᠦ ᠶᠢᠨ ᠲᠤᠬᠠᠢ︾ ᠬᠠᠤᠯᠢ᠂ ︽ᠮᠣᠩᠭᠣᠯ ᠮᠠᠯ︾ ᠦᠨᠳᠦᠰᠦᠨ ᠦ ᠬᠥᠲᠥᠯᠪᠦᠷᠢ᠂  ︽ᠤᠯᠤᠰ ᠤᠨ ᠠᠪᠤᠷᠭᠤ ᠮᠠᠯᠴᠢᠳ︾᠍ ᠤᠨ ᠮᠠᠯ ᠰᠦᠷᠦᠭ ᠢᠶᠡᠨ ᠥᠰᠬᠡᠬᠦ᠂ ᠬᠠᠪᠤᠷ ᠤᠨ ᠮᠠᠯ ᠮᠠᠯᠯᠠᠭ᠎ᠠ᠂ ᠲᠥᠯ ᠪᠣᠶᠢᠵᠢᠭᠤᠯᠤᠯᠲᠠ᠂ ᠮᠠᠯ ᠠᠵᠤ ᠠᠬᠤᠢ ᠶᠢᠨ ᠰᠠᠯᠪᠤᠷᠢ ᠶᠢᠨ ᠪᠦᠲᠦᠭᠡᠭᠳᠡᠬᠦᠨ ᠦᠢᠯᠡᠳᠪᠦᠷᠢᠯᠡᠯ ᠢ ᠨᠡᠮᠡᠭᠳᠡᠭᠦᠯᠬᠦ᠂ ᠥᠨᠳᠥᠷ ᠠᠰᠢᠭ ᠰᠢᠮ᠎ᠡ ᠳᠦ ᠡᠷᠴᠢᠮᠵᠢᠭᠰᠡᠨ ᠠᠵᠤ ᠠᠬᠤᠢ ᠶᠢ ᠡᠷᠬᠢᠯᠡᠨ ᠬᠦᠲᠦᠯᠵᠦ ᠦᠷ᠎ᠡ ᠳ᠋ᠦᠩ ᠳᠦ ᠬᠦᠷᠴᠦ ᠪᠤᠢ ᠮᠠᠯ ᠠᠵᠤ ᠠᠬᠤᠢ ᠶᠢᠨ ᠰᠠᠯᠪᠤᠷᠢ ᠳᠤ ᠭᠠᠷᠴᠤ ᠪᠤᠢ ᠲᠡᠷᠢᠭᠦᠨ ᠲᠤᠷᠰᠢᠯᠭ᠎ᠠ ᠶᠢ ᠲᠦᠭᠡᠭᠡᠨ ᠳᠡᠯᠭᠡᠷᠡᠭᠦᠯᠬᠦ ᠵᠣᠷᠢᠯᠭ᠎ᠠ ᠪᠠᠷ ︽ᠲᠥᠯ ᠲᠠᠪᠤᠨ ᠡᠷᠳᠡᠨᠢ︾ ᠴᠤᠪᠤᠷᠠᠯ ᠨᠡᠪᠲᠡᠷᠡᠭᠦᠯᠭᠡ ᠶᠢ 3 ᠰᠠᠷ᠎ᠠ ᠶᠢᠨ ᠬᠤᠭᠤᠴᠠᠭ᠎ᠠ ᠲᠠᠢ ᠪᠠᠷ ᠪᠡᠯᠡᠳᠬᠡᠨ ᠬᠦᠷᠭᠡᠬᠦ ᠶᠤᠮ᠃

ᠰᠡᠳᠬᠢᠭᠳᠡᠯ ᠦᠯᠡᠳᠡᠭᠡᠬᠦ