ᠬᠡᠷᠦᠯᠦᠨ᠂ ᠣᠨᠣᠨ ᠭᠣᠣᠯ ᠢ ᠠᠶᠢᠮᠠᠭ ᠤᠨ ᠲᠠᠬᠢᠯᠭ᠎ᠠ ᠲᠠᠢ ᠪᠣᠯᠭᠠᠵᠠᠢ | News.MN

ᠬᠡᠷᠦᠯᠦᠨ᠂ ᠣᠨᠣᠨ ᠭᠣᠣᠯ ᠢ ᠠᠶᠢᠮᠠᠭ ᠤᠨ ᠲᠠᠬᠢᠯᠭ᠎ᠠ ᠲᠠᠢ ᠪᠣᠯᠭᠠᠵᠠᠢ

ᠳᠣᠷᠣᠨᠠᠲᠤ ᠠᠶᠢᠮᠠᠭ ᠤᠨ ᠢᠷᠭᠡᠳ ᠦᠨ ᠲᠥᠯᠥᠭᠡᠯᠡᠭᠴᠢᠳ ᠦᠨ ᠬᠤᠷᠠᠯ ᠢᠶᠡᠷ ᠠᠭᠤᠯᠠ ᠣᠪᠣᠭ᠎ᠠ᠂ ᠭᠣᠣᠯ ᠮᠥᠷᠡᠨ ᠢ ᠠᠶᠢᠮᠠᠭ ᠤᠨ ᠲᠠᠬᠢᠯᠭ᠎ᠠ ᠲᠠᠢ ᠪᠣᠯᠭᠠᠬᠤ ᠲᠤᠬᠠᠢ ᠠᠰᠠᠭᠤᠳᠠᠯ ᠢ ᠬᠡᠯᠡᠯᠴᠡᠵᠦ᠂ ᠠᠶᠢᠮᠠᠭ ᠤᠨ ᠲᠠᠬᠢᠯᠭ᠎ᠠ ᠲᠠᠢ ᠠᠭᠤᠯᠠ ᠪᠠᠷ ᠪᠤᠯᠠᠭᠠᠨ ᠰᠤᠮᠤ ᠶᠢᠨ ᠨᠤᠲᠤᠭ ᠳᠠᠬᠢ ᠬᠠᠨ ᠠᠭᠤᠯᠠ᠂ ᠪᠠᠶᠠᠨ-ᠡᠷᠬᠡᠲᠦ ᠠᠭᠤᠯᠠ ᠪᠤᠶᠤ ᠲᠤᠭ ᠠᠭᠤᠯᠠ᠂  ᠬᠠᠯᠬ᠎ᠠ ᠭᠤᠤᠯ ᠰᠤᠮᠤ ᠶᠢᠨ ᠨᠤᠲᠤᠭ ᠳᠠᠬᠢ ᠪᠣᠭᠳᠠ ᠴᠠᠭᠠᠨ ᠠᠭᠤᠯᠠ ᠪᠤᠶᠤ ᠸᠠᠩ ᠤᠨ ᠴᠠᠭᠠᠨ ᠠᠭᠤᠯᠠ᠂ ᠪᠠᠶᠠᠨᠳᠤᠩ ᠰᠤᠮᠤ ᠶᠢᠨ ᠨᠤᠲᠤᠭ ᠳᠠᠬᠢ ᠤᠭᠲᠤᠮ᠎ᠠ ᠠᠭᠤᠯᠠ᠂ ᠬᠡᠷᠦᠯᠦᠨ᠂ ᠬᠠᠯᠬ᠎ᠠ ᠭᠤᠤᠯ᠂ ᠣᠨᠣᠨ᠂ ᠤᠯᠵᠠ᠂ ᠭᠠᠯ ᠤᠨ ᠭᠣᠣᠯ ᠢ ᠠᠶᠢᠮᠠᠭ ᠤᠨ ᠲᠠᠬᠢᠯᠭ᠎ᠠ ᠲᠠᠢ ᠪᠣᠯᠭᠠᠵᠠᠢ᠃
ᠠᠶᠢᠮᠠᠭ ᠤᠨ ᠲᠠᠬᠢᠯᠭ᠎ᠠ ᠲᠠᠢ ᠲᠠᠪᠤᠨ ᠭᠣᠣᠯ ᠢ ᠵᠢᠯ ᠳᠦ ᠨᠢᠭᠡ ᠪᠤᠶᠤ ᠨᠢᠭᠡ ᠭᠣᠣᠯ ᠢ ᠲᠠᠪᠤᠨ ᠵᠢᠯ ᠳᠦ ᠨᠢᠭᠡ ᠤᠳᠠᠭ᠎ᠠ ᠤᠯᠠᠮᠵᠢᠯᠠᠯᠲᠤ ᠳᠢᠭ ᠵᠠᠶ᠋ᠢᠭ ᠤᠨ ᠳᠠᠭᠠᠤ ᠲᠠᠶᠢᠬᠤ ᠪᠠᠷ ᠲᠣᠭᠲᠠᠭᠰᠠᠨ ᠪᠥᠭᠡᠳ ᠥᠩᠭᠡᠷᠡᠭᠰᠡᠨ ᠵᠢᠯ  ᠬᠡᠷᠦᠯᠦᠨ ᠭᠣᠣᠯ ᠢᠶᠠᠨ ᠲᠠᠬᠢᠵᠤ᠂ ᠯᠤᠤᠰ ᠠᠷᠭᠠᠳᠠᠵᠠᠢ᠃ ᠣᠨᠣᠨ ᠭᠣᠣᠯ ᠤᠨ ᠲᠠᠬᠢᠯᠭ᠎ᠠ ᠶᠢ ᠰᠢᠷᠤᠶᠢᠨ ᠭᠠᠬᠠᠢ ᠵᠢᠯ ᠦᠨ ᠬᠠᠪᠤᠷ ᠤᠨ ᠠᠳᠠᠭ ᠰᠠᠷ᠎ᠠ ᠶᠢᠨ ᠰᠢᠨ᠎ᠡ ᠶᠢᠨ 25 ᠪᠤᠶᠤ ᠳᠥᠷᠪᠡᠳᠦᠭᠡᠷ ᠰᠠᠷ᠎ᠠ ᠶᠢᠨ 29 ᠍ ᠦ ᠡᠳᠦᠷ ᠵᠣᠬᠢᠶᠠᠨ ᠪᠠᠶᠢᠭᠤᠯᠬᠤ ᠪᠠᠷ ᠪᠣᠯᠤᠭᠰᠠᠨ  ᠪᠠᠶᠢᠨ᠎ᠠ ᠃

ᠰᠡᠳᠬᠢᠭᠳᠡᠯ ᠦᠯᠡᠳᠡᠭᠡᠬᠦ