ᠠᠷᠠᠳᠴᠢᠯᠠᠭᠰᠠᠨ ᠨᠠᠮ ᠪᠦᠯᠦᠭ ᠦᠭᠡᠢ ᠪᠤᠯᠤᠯ᠎ᠠ | News.MN

ᠠᠷᠠᠳᠴᠢᠯᠠᠭᠰᠠᠨ ᠨᠠᠮ ᠪᠦᠯᠦᠭ ᠦᠭᠡᠢ ᠪᠤᠯᠤᠯ᠎ᠠ

ᠤᠯᠤᠰ ᠤᠨ ᠶᠡᠬᠡ ᠬᠤᠷᠠᠯ ᠳ᠋ᠡᠬᠢ ᠠᠷᠠᠳᠴᠢᠯᠠᠭᠰᠠᠨ ᠨᠠᠮ ᠪᠦᠯᠦᠭ ᠦᠭᠡᠢ ᠪᠣᠯᠵᠤ ᠪᠤᠢ ᠪᠠᠨ ᠠᠯᠪᠠᠨ ᠶᠣᠰᠣᠭᠠᠷ ᠮᠡᠳᠡᠭᠳᠡᠯ᠎ᠡ᠃ ᠡᠨᠡ ᠳᠣᠯᠣᠭ᠎ᠠ ᠬᠣᠨᠣᠭ ᠤᠨ ᠴᠢᠭᠤᠯᠭᠠᠨ ᠤ ᠬᠤᠷᠠᠯᠳᠤᠭᠠᠨ ᠢᠶᠠᠷ ᠡᠨᠡ ᠲᠠᠯ᠎ᠠ ᠪᠠᠷ ᠤᠯᠤᠰ ᠤᠨ ᠶᠡᠬᠡ ᠬᠤᠷᠠᠯ ᠤᠨ ᠳᠠᠷᠤᠭ᠎ᠠ ᠳᠤ ᠮᠡᠳᠡᠭᠳᠡᠨ᠎ᠡ ᠭᠡᠵᠦ ᠲᠤᠰ ᠨᠠᠮ ᠤᠨ ᠪᠦᠯᠦᠭ ᠦᠨ ᠳᠠᠷᠤᠭ᠎ᠠ ᠳ∙ᠡᠷᠳᠡᠨᠢᠪᠠᠲᠤ  ᠬᠡᠯᠡᠯ᠎ᠡ᠃
ᠲᠡᠷᠡ ᠪᠡᠷ᠄ ᠪᠦᠯᠦᠭ ᠦᠭᠡᠢ ᠪᠤᠯᠤᠭᠰᠠᠨ ᠨᠢ ᠠᠷᠠᠳᠴᠢᠯᠠᠭᠰᠠᠨ ᠨᠠᠮ ᠪᠠᠶᠢᠬᠤ ᠦᠭᠡᠢ ᠪᠤᠯᠤᠯ᠎ᠠ ᠭᠡᠰᠡᠨ ᠦᠭᠡ ᠪᠢᠰᠢ᠃ ᠰᠥᠷᠭᠦ ᠬᠦᠴᠦᠨ ᠬᠡᠪ ᠢᠶᠡᠷ ᠢᠶᠡᠨ ᠪᠠᠶᠢᠨ᠎ᠠ᠃ ᠵᠥᠪᠯᠡᠯ ᠦᠨ ᠬᠡᠯᠪᠡᠷᠢ ᠳᠦ ᠰᠢᠯᠵᠢᠵᠦ ᠪᠠᠶᠢᠭ᠎ᠠ ᠪᠠᠨ ᠮᠡᠳᠡᠭᠳᠡᠵᠦ ᠪᠠᠶᠢᠨ᠎ᠠ᠂ ᠮᠥᠨ ᠡᠮᠦᠨᠡᠲᠦ ᠠᠹᠷᠢᠺᠠ ᠳᠤ ᠪᠠᠶᠢᠷᠢᠯᠠᠬᠤ ᠰᠲ᠋ᠠᠨᠳᠠᠷᠲ ᠪᠠᠩᠬᠢᠨ ᠤ ᠦᠷᠢ ᠶᠢ ᠵᠠᠰᠠᠭ ᠤᠨ ᠭᠠᠵᠠᠷ ᠲᠥᠯᠦᠭᠰᠡᠨ ᠲᠡᠢ ᠬᠤᠯᠪᠤᠭ᠎ᠠ ᠲᠠᠢ ᠪᠠᠷ ᠠᠵᠢᠯ ᠤᠨ ᠬᠡᠰᠡᠭ ᠪᠠᠶᠢᠭᠤᠯᠵᠤ᠂ ᠰᠤᠳᠤᠯᠵᠤ ᠦᠵᠡᠬᠦ ᠨᠢ ᠵᠦᠢᠲᠡᠢ ᠭᠡᠵᠦ ᠦᠵᠡᠯ᠎ᠡ᠃ ᠦᠷᠢ ᠶᠢ ᠲᠠᠯᠪᠢᠭᠰᠠᠨ ᠬᠦᠮᠦᠰ ᠢᠶᠡᠷ᠂ ᠲᠡᠷᠡ ᠪᠦᠯᠦᠭᠯᠡᠯ ᠢᠶᠡᠷ  ᠦᠷᠢ ᠶᠢ ᠲᠥᠯᠥᠭᠦᠯᠬᠦ ᠶᠣᠰᠣᠲᠠᠢ᠃ ᠪᠦᠯᠦᠭᠯᠡᠯ ᠦᠨ ᠲᠠᠯᠪᠢᠭᠰᠠᠨ  ᠦᠷᠢ  ᠶᠢ ᠠᠷᠠᠳ ᠲᠦᠮᠡᠨ ᠦ ᠬᠠᠯᠠᠭᠠᠰᠤᠨ ᠠᠴᠠ ᠭᠠᠷᠭᠠᠬᠤ ᠨᠢ ᠭᠡᠮᠲᠦ ᠬᠡᠷᠡᠭ᠃ ᠨᠢᠭᠡᠳᠦᠭᠡᠷ ᠲᠦ᠂ ᠡᠨᠡ ᠥᠷᠢ ᠶᠢ ᠳᠠᠷᠤᠬᠤ ᠳᠤ ᠬᠠᠤᠯᠢ ᠶᠢᠨ ᠵᠥᠷᠢᠴᠡᠯ ᠭᠠᠷᠤᠭᠰᠠᠨ ᠡᠰᠡᠬᠦ ᠶᠢ ᠲᠣᠳᠣᠷᠠᠭᠤᠯᠬᠤ ᠬᠡᠷᠡᠭᠲᠡᠢ ᠪᠠᠶᠢᠨ᠎ᠠ᠃ ᠬᠣᠶᠠᠳᠤᠭᠠᠷ ᠲᠤ᠂ ᠵᠠᠭᠤᠴᠢᠯᠠᠭᠴᠢ ᠺᠣᠮᠫᠠᠨᠢ ᠭᠡᠵᠦ ᠶᠠᠮᠠᠷ ᠺᠣᠮᠫᠠᠨᠢ ᠭᠠᠷᠴᠤ ᠢᠷᠡᠭᠰᠡᠨ ᠲᠠᠯ᠎ᠠ ᠪᠠᠷ ᠳᠠᠬᠢᠨ ᠨᠢᠭᠡ ᠬᠠᠷᠠᠬᠤ ᠶᠣᠰᠣᠲᠠᠢ᠃ ᠭᠤᠷᠪᠠᠳᠤᠭᠠᠷ ᠲᠤ᠂ ᠪᠤᠰᠤᠳ ᠬᠣᠬᠢᠷᠠᠯ ᠤᠳ ᠢ ᠪᠢᠳᠡ ᠵᠠᠶᠢᠯᠠᠰᠢ ᠦᠭᠡᠢ ᠲᠣᠭᠠᠴᠠᠬᠤ ᠶᠣᠰᠣᠲᠠᠢ ᠬᠡᠮᠡᠨ ᠮᠡᠳᠡᠭᠡᠯᠡᠯ᠎ᠡ᠃

ᠰᠡᠳᠬᠢᠭᠳᠡᠯ ᠦᠯᠡᠳᠡᠭᠡᠬᠦ