ᠮᠣᠩᠭᠣᠯ ᠤᠨ ᠮᠧᠲ᠋ᠠᠯ ᠷᠣᠺ ᠴᠢᠭᠯᠡᠯ ᠦᠨ The HU ᠬᠠᠮᠲᠤᠯᠢᠭ ᠤᠨ Wolf totem ᠳᠠᠭᠤᠤ ᠠᠮᠧᠷᠢᠺᠠ ᠶᠢᠨ ITUNES ᠍ ᠳᠦ US TOP 100 ᠳᠠᠭᠤᠨ ᠤ 30 ᠳ᠋ᠤᠭᠠᠷ ᠲᠤ᠂ TOP 40 ᠷᠣᠺ ᠳᠠᠭᠤᠤ ᠶᠢᠨ ᠨᠢᠭᠡᠳᠦᠭᠡᠷ ᠡᠷᠡᠮᠪᠡᠯᠡᠭᠳᠡᠭᠰᠡᠨ ᠪᠠᠶᠢᠨ᠎ᠠ᠃ ᠢᠩᠭᠢᠭᠰᠡᠨ ᠢᠶᠡᠷ ᠲᠤᠰ ᠬᠠᠮᠲᠤᠯᠢᠭ ᠤᠨ ᠳᠠᠭᠤᠤ Lady Gaga᠍ ᠦᠨ Always remember us this way᠂ Queen ᠬᠠᠮᠲᠤᠯᠢᠭ ᠤᠨ Bohemian Rhapsody ᠵᠡᠷᠭᠡ ᠾᠢᠲ ᠳᠠᠭᠤᠤ ᠨᠤᠭᠤᠳ ᠤᠨ ᠤᠷᠳᠤ ᠪᠢᠴᠢᠭᠳᠡᠵᠦ ᠪᠠᠶᠢᠭ᠎ᠠ ᠶᠤᠮ᠃
ᠮᠣᠩᠭᠣᠯ ᠤᠨ ᠷᠣᠺ ᠬᠠᠮᠲᠤᠯᠢᠭ The HU ᠨᠢ 2018 ᠣᠨ ᠳᠤ ᠪᠠᠶᠢᠭᠤᠯᠤᠭᠳᠠᠭᠰᠠᠨ ᠪᠠ ᠬᠠᠮᠲᠤᠯᠢᠭ ᠤᠨ ᠨᠡᠷ᠎ᠡ ᠨᠢ ︽ᠬᠦᠮᠦᠨ︾ ᠭᠡᠰᠡᠨ ᠠᠩᠭᠯᠢ ᠦᠭᠡ ᠡᠴᠡ ᠡᠭᠦᠰᠦᠯᠲᠡᠢ ᠠᠵᠠᠢ᠃ ᠲᠡᠳᠡᠨ ᠦ ᠭᠠᠷᠭᠠᠭᠰᠠᠨ ᠬᠣᠶᠠᠷ ᠳᠠᠭᠤᠤ ᠶᠢᠨ ᠺᠯᠢᠫ ᠨᠢ YouTube ᠳᠡᠭᠡᠷ᠎ᠡ ᠳᠡᠯᠡᠬᠡᠢ ᠶᠢᠨ ᠥᠨᠴᠥᠭ ᠪᠤᠯᠤᠨ ᠪᠦᠷᠢ ᠡᠴᠡ ᠬᠦᠮᠦᠰ ᠢ ᠪᠠᠶᠢᠯᠳᠤᠨ ᠳᠠᠭᠠᠭᠤᠯᠵᠤ ᠣᠯᠠᠨ ᠹᠧᠨ ᠲᠡᠢ ᠪᠣᠯᠤᠭᠰᠠᠨ ᠪᠠᠶᠢᠨ᠎ᠠ᠃ ᠲᠤᠰ ᠬᠠᠮᠲᠤᠯᠢᠭ ᠤᠨ ᠫᠷᠣᠳᠢᠶᠦ᠋ᠰᠧᠷ ᠢᠶᠡᠷ ᠮᠣᠩᠭᠣᠯ ᠤᠯᠤᠰ ᠤᠨ ᠭᠠᠪᠢᠶᠠᠲᠤ ᠵᠦᠵᠦᠭᠡᠴᠢᠨ᠂ ᠳᠠᠭᠤᠴᠢᠨ᠂ ᠫᠷᠤᠳ᠋ᠶᠤᠰᠸᠷ ᠪ∙ᠳᠠᠰᠢᠳᠤᠨᠳᠤᠭ ᠠᠵᠢᠯᠯᠠᠵᠤ ᠪᠤᠢ ᠪᠥᠭᠡᠳ The HU ᠬᠠᠮᠲᠤᠯᠢᠭ ᠼ∙ᠭᠠᠯᠪᠠᠳᠠᠷᠠᠬᠤ᠂ ᠪ∙ᠡᠩᠬᠡᠰᠠᠶᠢᠬᠠᠨ᠂ ᠭ∙ᠨᠢᠮᠠᠵᠠᠨᠼᠠᠨ᠂ ᠨ∙ᠲᠡᠮᠡᠦᠯᠦᠨ ᠭᠡᠰᠡᠨ ᠳᠥᠷᠪᠡᠨ ᠬᠦᠮᠦᠨ ᠦ ᠪᠦᠷᠢᠯᠳᠦᠬᠦᠨ ᠲᠡᠢ ᠶᠤᠮ ᠪᠠᠶᠢᠨ᠎ᠠ᠃