1000 ᠵᠢᠷᠤᠭ ᠢᠶᠠᠨ ᠳ∙ᠴᠣᠭᠲᠤᠪᠠᠭᠠᠲᠤᠷ ᠲᠤ ᠬᠦᠯᠢᠶᠡᠯᠭᠡᠨ ᠦᠭᠭᠦᠯ᠎ᠡ | News.MN

1000 ᠵᠢᠷᠤᠭ ᠢᠶᠠᠨ ᠳ∙ᠴᠣᠭᠲᠤᠪᠠᠭᠠᠲᠤᠷ ᠲᠤ ᠬᠦᠯᠢᠶᠡᠯᠭᠡᠨ ᠦᠭᠭᠦᠯ᠎ᠡ

ᠮᠣᠩᠭᠣᠯ ᠣᠷᠣᠨ ᠤ ᠣᠩᠭᠣᠨ ᠳᠠᠭᠱᠢᠨ ᠪᠠᠶᠢᠭᠠᠯᠢ᠂ ᠠᠩ ᠠᠮᠢᠲᠠᠨ᠂ ᠠᠷᠠᠳ ᠤᠨ ᠤᠷᠠᠯᠢᠭ᠂ ᠠᠬᠤᠢ ᠠᠮᠢᠳᠤᠷᠠᠯ᠂ ᠶᠣᠰᠣ ᠵᠠᠩᠰᠢᠯ᠂ ᠦᠨᠳᠦᠰᠦᠲᠡᠨ ᠶᠠᠰᠤᠲᠠᠨ ᠨᠤᠭᠤᠳ ᠵᠡᠷᠭᠡ 21 ᠍ ᠳᠦᠭᠡᠷ ᠵᠠᠭᠤᠨ ᠤ ᠮᠣᠩᠭᠣᠯᠴᠤᠳ ᠤᠨ ᠣᠨᠴᠠᠯᠢᠭ ᠢ ᠳᠠᠭᠤ ᠠᠪᠢᠶ᠎ᠠ᠂ ᠳᠦᠷᠰᠦ ᠪᠢᠴᠢᠯᠭᠡ᠂ ᠭᠡᠷᠡᠯ ᠵᠢᠷᠤᠭ᠂ ᠲᠡᠮᠳᠡᠭᠯᠡᠯ ᠢᠶᠡᠷ ᠪᠠᠷᠢᠮᠲᠠᠵᠢᠭᠤᠯᠤᠨ ᠠᠪᠴᠤ ᠦᠯᠡᠳᠡᠭᠡᠬᠦ ᠵᠣᠷᠢᠯᠭ᠎ᠠ ᠲᠠᠢ ︽ᠪᠢᠳᠡᠨ ᠦ ᠴᠦᠬᠡᠨ ᠮᠣᠩᠭᠣᠯᠴᠤᠳ︾ ᠲᠥᠰᠥᠯ ᠦᠨ ᠪᠠᠭ 1000 ᠰᠢᠷᠬᠡᠭ ᠵᠢᠷᠤᠭ ᠢᠶᠠᠨ ᠭᠠᠳᠠᠭᠠᠳᠤ ᠬᠠᠷᠢᠯᠴᠠᠭᠠᠨ ᠤ ᠶᠠᠮᠤᠨ ᠤ ᠰᠠᠶᠢᠳ ᠳ∙ᠴᠣᠭᠲᠤᠪᠠᠭᠠᠲᠤᠷ ᠲᠤ ᠬᠦᠯᠢᠶᠡᠯᠭᠡᠨ ᠦᠭᠭᠦᠯ᠎ᠡ ᠃
ᠡᠨᠡ ᠦᠶ᠎ᠡ ᠪᠡᠷ ᠭᠠᠳᠠᠭᠠᠳᠤ ᠬᠠᠷᠢᠯᠴᠠᠭᠠᠨ ᠤ ᠰᠠᠶᠢᠳ ᠳ∙ᠴᠣᠭᠲᠤᠪᠠᠭᠠᠲᠤᠷ ᠬᠡᠯᠡᠬᠦ ᠳᠦ ᠪᠡᠨ᠄ ᠮᠣᠩᠭᠣᠯ ᠤᠨ ᠠᠮᠢᠳᠤᠷᠠᠯ ᠥᠪᠡᠷ ᠢᠶᠡᠨ ᠪᠠᠬᠠᠷᠬᠠᠯ ᠶᠤᠮ᠃ ᠡᠨᠡ ᠳᠡᠯᠡᠬᠡᠢ ᠶᠢᠨ ᠳᠣᠯᠣᠭᠠᠨ ᠲᠡᠷᠪᠤᠮ ᠬᠦᠮᠦᠨ ᠦ ᠳᠣᠲᠣᠷ᠎ᠠ ᠴᠠᠭ ᠠᠭᠠᠷ ᠤᠨ ᠡᠷᠡᠰ ᠲᠡᠰ ᠠᠭᠤᠷ ᠠᠮᠢᠰᠬᠤᠯ ᠲᠠᠢ ᠨᠥᠬᠥᠴᠡᠯ ᠳᠦ ᠪᠠᠶᠢᠭᠠᠯᠢ ᠲᠠᠢ ᠪᠠᠨ ᠵᠣᠬᠢᠯᠳᠤᠨ ᠬᠡᠳᠦᠨ ᠮᠢᠩᠭᠠᠨ ᠵᠢᠯ ᠠᠮᠢᠳᠤᠷᠠᠵᠤ᠂ ᠨᠡᠭᠦᠳᠡᠯᠴᠢᠳ ᠦᠨ ᠭᠡᠰᠡᠨ ᠰᠤᠶᠤᠯ ᠢᠷᠭᠡᠨᠰᠢᠯ ᠢ ᠪᠤᠢ ᠪᠣᠯᠭᠠᠨ ᠥᠨᠥ ᠶᠢ ᠬᠦᠷᠦᠯ᠎ᠡ᠃
ᠪᠢᠳᠡ ᠪᠣᠯ ᠳᠡᠯᠡᠬᠡᠢ ᠶᠢᠨ ᠲᠡᠦᠬᠡᠨ ᠳᠦ ᠨᠥᠯᠦᠭᠡᠯᠡᠭᠰᠡᠨ ᠮᠠᠰᠢ ᠴᠥᠭᠡᠨ ᠦᠨᠳᠦᠰᠦᠲᠡᠨ ᠦ ᠨᠢᠭᠡ᠃ ᠢᠩᠭᠢᠭᠡᠳ ᠪᠣᠳᠣᠭᠠᠳ ᠦᠵᠡᠪᠡᠯ ᠮ∙ᠵᠣᠷᠢᠭᠲᠤ ᠶᠢᠨ ᠰᠠᠨᠠᠭᠠᠴᠢᠯᠠᠵᠤ ᠬᠡᠷᠡᠭᠵᠢᠭᠦᠯᠵᠦ ᠪᠠᠶᠢᠭ᠎ᠠ ︽ᠪᠢᠳᠡᠨ ᠦ ᠴᠦᠬᠡᠨ ᠮᠣᠩᠭᠣᠯᠴᠤᠳ︾ ᠲᠥᠰᠥᠯ ᠶᠠᠮᠠᠷ ᠠᠴᠢ ᠬᠣᠯᠪᠣᠭᠳᠠᠯ ᠲᠠᠢ ᠪᠣᠯᠬᠤ ᠨᠢ ᠲᠣᠳᠣᠷᠬᠠᠢ ᠬᠠᠷᠠᠭᠳᠠᠵᠤ ᠪᠠᠶᠢᠨ᠎ᠠ ᠭᠡᠯ᠎ᠡ᠃

ᠰᠡᠳᠬᠢᠭᠳᠡᠯ ᠦᠯᠡᠳᠡᠭᠡᠬᠦ