ᠨᠥᠭᠡᠴᠡ ᠶᠢᠨ ᠮᠢᠬ᠎ᠠ ᠶᠢ 100 ᠣᠷᠴᠢᠮ ᠴᠡᠭ ᠢᠶᠡᠷ ᠪᠣᠷᠣᠯᠠᠭᠤᠯᠤᠨ᠎ᠠ | News.MN

ᠨᠥᠭᠡᠴᠡ ᠶᠢᠨ ᠮᠢᠬ᠎ᠠ ᠶᠢ 100 ᠣᠷᠴᠢᠮ ᠴᠡᠭ ᠢᠶᠡᠷ ᠪᠣᠷᠣᠯᠠᠭᠤᠯᠤᠨ᠎ᠠ

ᠮᠢᠬ᠎ᠠ ᠪᠡᠯᠡᠳᠬᠡᠯ ᠦᠨ ᠴᠢᠭᠯᠡᠯ ᠢᠶᠡᠷ ᠦᠢᠯᠡ ᠠᠵᠢᠯᠯᠠᠭ᠎ᠠ ᠶᠠᠪᠤᠭᠤᠯᠳᠠᠭ ᠳᠣᠯᠣᠭᠠᠨ ᠠᠵᠤ ᠠᠬᠤᠢ ᠶᠢᠨ ᠨᠢᠭᠡᠴᠡ ᠮᠢᠬ᠎ᠠ ᠪᠡᠯᠡᠳᠬᠡᠨ᠂ ᠡᠨᠡ ᠬᠠᠪᠤᠷ ᠵᠠᠬ᠎ᠠ ᠵᠡᠭᠡᠯᠢ ᠳᠦ ᠨᠡᠶᠢᠯᠡᠭᠦᠯᠬᠦ ᠬᠦᠰᠡᠯᠲᠡ ᠪᠡᠨ  ᠬᠦᠳᠡᠭᠡ ᠠᠵᠤ ᠠᠬᠤᠢ ᠶᠢᠨ ᠶᠠᠮᠤᠨ ᠍ ᠳᠦ ᠢᠷᠡᠭᠦᠯᠵᠡᠢ᠃ ᠤᠯᠤᠰ ᠤᠨ ᠲᠥᠰᠥᠪ ᠲᠦ ᠰᠠᠭᠤᠯᠭᠠᠭᠰᠠᠨ᠂ ᠠᠷᠠᠯᠵᠢᠶᠠᠨ ᠤ ᠪᠠᠩᠬᠢ ᠪᠠᠷ ᠳᠠᠮᠵᠢᠭᠤᠯᠤᠨ ᠣᠯᠭᠤᠭᠰᠠᠨ ᠬᠥᠩᠭᠡᠯᠡᠯᠲᠡ ᠲᠡᠢ ᠵᠢᠭᠡᠯᠡ ᠶᠢ ᠭᠤᠷᠪᠠᠨ ᠠᠵᠤ ᠠᠬᠤᠢ ᠶᠢᠨ ᠨᠢᠭᠡᠴᠡ ᠯᠠ ᠠᠪᠴᠤ ᠴᠢᠳᠠᠭᠰᠠᠨ ᠪᠠᠶᠢᠨ᠎ᠠ᠃
ᠲᠡᠳᠡ ᠨᠡᠶᠢᠲᠡ 20 ᠣᠷᠴᠢᠮ ᠲᠡᠷᠪᠤᠮ ᠲᠥᠭᠥᠷᠢᠭ ᠢᠶᠡᠷ 4000 ᠲᠣᠨ ᠮᠢᠬ᠎ᠠ ᠪᠡᠯᠡᠳᠬᠡᠭᠰᠡᠨ ᠪᠥᠭᠡᠳ ᠨᠥᠭᠡᠴᠡᠯᠡᠭᠰᠡᠨ ᠮᠢᠬ᠎ᠠ ᠪᠠᠨ ᠳᠥᠷᠪᠡᠳᠦᠭᠡᠷ ᠰᠠᠷ᠎ᠠ ᠳᠤ ᠪᠠᠭᠲᠠᠭᠠᠨ 100 ᠣᠷᠴᠢᠮ ᠬᠤᠳᠠᠯᠳᠤᠭᠠᠨ ᠤ ᠴᠡᠭ ᠢᠶᠡᠷ ᠪᠣᠷᠣᠯᠠᠭᠤᠯᠬᠤ ᠪᠠᠷ ᠲᠥᠯᠥᠪᠯᠡᠵᠡᠢ᠃ ᠪᠡᠯᠡᠳᠬᠡᠭᠰᠡᠨ ᠮᠢᠬᠠᠨ ᠤ 50 ᠬᠤᠪᠢ ᠶᠢ ᠬᠣᠨᠢ᠂ 30 ᠬᠤᠪᠢ ᠶᠢ ᠦᠬᠡᠷ᠂ 20  ᠬᠤᠪᠢ ᠶᠢ ᠢᠮᠠᠭᠠᠨ ᠤ ᠮᠢᠬ᠎ᠠ ᠡᠵᠡᠯᠡᠵᠦ ᠪᠤᠢ ᠠᠵᠢ᠃ ᠥᠩᠭᠡᠷᠡᠭᠰᠡᠨ ᠣᠨ ᠳᠤ 12 ᠮᠢᠩᠭᠠᠨ ᠲᠣᠨ ᠮᠢᠬ᠎ᠠ ᠪᠡᠯᠡᠳᠬᠡᠨ᠂ ᠬᠥᠯᠳᠡᠭᠡᠵᠦ ᠪᠠᠶᠢᠭᠰᠠᠨ ᠪᠣᠯ ᠡᠨᠡ ᠵᠢᠯ ᠨᠥᠭᠡᠴᠡ ᠶᠢᠨ ᠮᠢᠬᠠᠨ ᠤ ᠬᠡᠮᠵᠢᠶ᠎ᠡ ᠪᠠᠭᠤᠷᠠᠵᠠᠢ᠃

ᠰᠡᠳᠬᠢᠭᠳᠡᠯ ᠦᠯᠡᠳᠡᠭᠡᠬᠦ