ᠡᠷᠳᠡᠨᠢ ᠶᠢᠨ ᠰᠢᠲᠦᠭᠡᠨ ᠢ ᠭᠠᠨᠳᠠᠨᠲᠡᠭᠴᠢᠯᠡᠨ ᠳᠤ ᠵᠠᠯᠠᠯ᠎ᠠ | News.MN

ᠡᠷᠳᠡᠨᠢ ᠶᠢᠨ ᠰᠢᠲᠦᠭᠡᠨ ᠢ ᠭᠠᠨᠳᠠᠨᠲᠡᠭᠴᠢᠯᠡᠨ ᠳᠤ ᠵᠠᠯᠠᠯ᠎ᠠ

ᠮᠣᠩᠭᠣᠯ ᠤᠨ ᠪᠤᠷᠬᠠᠨ ᠱᠠᠰᠢᠨ ᠤ ᠲᠥᠪ ᠭᠠᠨᠳᠠᠨᠲᠡᠭᠴᠢᠯᠡᠨ ᠬᠡᠶᠢᠳ ᠲᠦ ᠥᠨᠥᠳᠥᠷ ᠪᠤᠷᠬᠠᠨ ᠪᠠᠭᠰᠢ ᠶᠢᠨ ᠷᠡᠩᠰᠡᠷᠡᠯ ᠵᠠᠯᠠᠬᠤ ᠶᠣᠰᠣᠯᠠᠯ ᠪᠣᠯᠤᠯ᠎ᠠ᠃ ᠡᠨᠡᠬᠦ ᠷᠡᠩᠰᠡᠷᠡᠯ ᠢ ᠡᠨᠡᠳᠬᠡᠭ ᠤᠯᠤᠰ ᠤᠨ  ᠳ᠋ᠠᠷᠠᠮᠰᠠᠯ ᠬᠣᠲᠠ ᠠᠴᠠ ᠵᠠᠯᠠᠵᠤ ᠢᠷᠡᠭᠰᠡᠨ ᠪᠥᠭᠡᠳ ᠬᠣᠪᠳᠣ ᠠᠶᠢᠮᠠᠭ ᠤᠨ ᠭᠠᠨᠳᠠᠨᠫᠤᠩᠴᠤᠭᠴᠤᠶᠢᠯᠤᠨ ᠬᠡᠶᠢᠳ ᠲᠦ ᠪᠣᠰᠬᠠᠬᠤ 18 ᠮᠧᠲ᠋ᠷ ᠥᠨᠳᠥᠷ ᠮᠠᠶᠢᠳᠠᠷ ᠪᠤᠷᠬᠠᠨ ᠤ ᠱᠦᠩᠰᠢᠭ ᠲᠦ ᠵᠣᠷᠢᠭᠤᠯᠤᠨ ᠪᠣᠳᠢ ᠰᠤᠪᠤᠷᠭ᠎ᠠ᠂ ᠵᠠᠳᠣᠨᠪᠠ ᠰᠤᠳᠤᠷ ᠤᠨ ᠬᠠᠮᠲᠤ ᠵᠠᠳᠤ᠋ ᠷᠢᠮᠪᠦᠴᠸ ᠡᠷᠭᠦᠨ ᠪᠠᠷᠢᠵᠠᠢ᠃ ᠷᠡᠩᠰᠡᠷᠡᠯ ᠢ ᠥᠨᠥᠳᠥᠷ ᠡᠴᠡ ᠡᠬᠢᠯᠡᠨ ᠨᠠᠢᠮᠠᠳᠤᠭᠠᠷ ᠰᠠᠷ᠎ᠠ ᠶᠢ ᠬᠦᠷᠲᠡᠯ᠎ᠡ ᠭᠠᠨᠳᠠᠨᠲᠡᠭᠴᠢᠯᠡᠨ ᠬᠡᠶᠢᠳ ᠲᠦ ᠵᠠᠯᠠᠬᠤ ᠲᠤᠯᠠ ᠰᠦᠰᠦᠭᠲᠡᠨ ᠣᠯᠠᠨ ᠮᠥᠷᠭᠥᠨ᠂ ᠵᠠᠯᠪᠠᠷᠢᠬᠤ ᠪᠣᠯᠤᠮᠵᠢ ᠲᠠᠢ ᠶᠤᠮ ᠪᠠᠶᠢᠨ᠎ᠠ᠃
ᠮᠣᠩᠭᠣᠯ ᠤᠨ ᠪᠤᠷᠬᠠᠨ ᠱᠠᠰᠢᠨᠲᠠᠨ ᠤ ᠲᠥᠪ ᠭᠠᠨᠳᠠᠨᠲᠡᠭᠴᠢᠯᠡᠨ ᠬᠡᠶᠢᠳ ᠡᠴᠡ ᠷᠡᠩᠰᠡᠷᠡᠯ ᠭᠡᠳᠡᠭ ᠨᠢ ᠰᠠᠶᠢᠬᠠᠨ ᠰᠡᠳᠬᠢᠯ ᠦᠨ ᠦᠷ᠎ᠡ ᠬᠡᠮᠡᠨ ᠲᠠᠶᠢᠯᠪᠤᠷᠢᠯᠠᠯ᠎ᠠ᠃ ᠮᠥᠨ ᠡᠨᠡᠬᠦ ᠰᠢᠲᠦᠭᠡᠨ ᠢ ᠬᠠᠷᠠᠭᠰᠠᠨ ᠬᠦᠮᠦᠰ ᠦᠨ ᠰᠡᠳᠬᠢᠯ ᠠᠷᠢᠭᠤᠰᠳᠠᠭ ᠪᠥᠭᠡᠳ ᠠᠷᠪᠢᠨ ᠰᠦᠵᠢᠭ᠂ ᠰᠠᠶᠢᠨ ᠢ ᠪᠦᠲᠦᠭᠡᠬᠦ ᠶᠡᠬᠡ ᠬᠦᠴᠦ ᠲᠥᠷᠥᠨ᠎ᠡ ᠬᠡᠮᠡᠨ ᠦᠵᠡᠳᠡᠭ ᠭᠡᠪᠡ᠃ ᠷᠡᠩᠰᠡᠷᠡᠯ ᠨᠢ ᠯᠠᠭᠱᠢᠨ ᠰᠢᠲᠦᠭᠡᠨ ᠡᠴᠡ ᠥᠪᠡᠷ ᠢᠶᠡᠨ ᠦᠷᠡᠵᠢᠨ ᠭᠠᠷᠳᠠᠭ ᠰᠤᠪᠤᠳ ᠤᠨ ᠬᠡᠯᠪᠡᠷᠢ ᠲᠡᠢ ᠡᠷᠳᠡᠨᠢ ᠶᠢᠨ ᠰᠢᠲᠦᠭᠡᠨ ᠠᠵᠠᠢ ᠃ ᠥᠨᠥᠳᠥᠷ ᠵᠠᠯᠠᠵᠤ ᠪᠤᠢ ᠡᠨᠡᠬᠦ ᠷᠡᠩᠰᠡᠷᠡᠯ ᠬᠡᠮᠡᠬᠦ ᠰᠢᠲᠦᠭᠡᠨ ᠨᠢ ᠪᠢᠷᠮᠠ ᠤᠯᠤᠰ ᠲᠤ 1000 ᠣᠷᠴᠢᠮ ᠵᠢᠯ ᠦᠨ ᠲᠡᠷᠲᠡᠭᠡ ᠳᠦ ᠡᠷᠲᠡᠨ ᠦ ᠰᠤᠪᠤᠷᠭ᠎ᠠ ᠳᠣᠲᠣᠷ᠎ᠠ ᠣᠷᠣᠰᠢᠵᠤ ᠪᠠᠶᠢᠭᠰᠠᠨ ᠲᠡᠦᠬᠡ ᠲᠡᠢ ᠪᠥᠭᠡᠳ ᠤᠭ ᠷᠡᠩᠰᠡᠷᠡᠯ ᠢ ᠰᠢᠩᠬ᠎ᠠ ᠨᠠᠮᠳᠤᠯ ᠷᠢᠮᠪᠦᠴᠸ ᠨᠢ ᠵᠠᠳᠤ᠋ ᠷᠢᠮᠪᠦᠴᠸ ᠳᠤ ᠡᠷᠭᠦᠨ ᠪᠠᠷᠢᠵᠤ ᠪᠠᠶᠢᠴᠠᠢ᠃

ᠰᠡᠳᠬᠢᠭᠳᠡᠯ ᠦᠯᠡᠳᠡᠭᠡᠬᠦ