ᠦᠯᠢᠭᠡᠷ ᠦᠨ ᠨᠣᠮ ᠤᠩᠰᠢᠵᠤ ᠦᠭᠴᠦ ᠪᠠᠶᠢᠨ᠎ᠠ | News.MN

ᠦᠯᠢᠭᠡᠷ ᠦᠨ ᠨᠣᠮ ᠤᠩᠰᠢᠵᠤ ᠦᠭᠴᠦ ᠪᠠᠶᠢᠨ᠎ᠠ

ᠵᠠᠪᠬᠠᠨ ᠠᠶᠢᠮᠠᠭ ᠳᠠᠬᠢ ᠪᠣᠷᠣᠯᠳᠠᠢ ᠨᠣᠮ ᠤᠨ ᠳᠡᠯᠭᠡᠭᠦᠷ ᠡᠴᠡ ᠡᠨᠡ ᠰᠠᠷ᠎ᠠ ᠶᠢᠨ ᠬᠤᠶᠠᠷ ᠤᠨ ᠡᠳᠦᠷ ᠪᠤᠶᠤ ᠳᠡᠯᠡᠬᠡᠢ ᠶᠢᠨ ᠦᠯᠢᠭᠡᠷ ᠦᠨ ᠬᠠᠭᠠᠨ ᠭᠡᠭᠳᠡᠬᠦ ᠠᠨᠳᠧᠷᠰᠧᠨ  ᠤ ᠮᠡᠨᠳᠦᠯᠡᠭᠰᠡᠨ ᠡᠳᠦᠷ ᠡᠴᠡ ᠡᠬᠢᠯᠡᠨ ᠴᠡᠴᠡᠷᠯᠢᠭ ᠦᠨ ᠬᠡᠦᠬᠡᠳ ᠦᠳ ᠲᠦ ᠰᠢᠨ᠎ᠡ ᠦᠯᠢᠭᠡᠷ ᠦᠨ ᠨᠣᠮ ᠢ   ᠬᠤᠶᠠᠳᠠᠬᠢ ᠵᠢᠯ ᠳᠦ ᠪᠡᠨ ᠤᠩᠰᠢᠵᠤ ᠥᠭᠬᠦ ᠦᠢᠯᠡᠴᠢᠯᠡᠭᠡ ᠪᠡᠨ ᠦᠵᠡᠭᠦᠯᠵᠦ ᠡᠬᠢᠯᠡᠵᠡᠢ᠃ ᠢᠷᠡᠬᠦ ᠵᠢᠷᠭᠤᠳᠤᠭᠠᠷ ᠰᠠᠷ᠎ᠠ ᠶᠢᠨ ᠨᠢᠭᠡᠨ ᠬᠦᠷᠲᠡᠯ᠎ᠡ ᠳᠣᠯᠣᠭ᠎ᠠ ᠬᠣᠨᠣᠭ ᠪᠦᠷᠢ ᠶᠢᠨ ᠲᠠᠪᠤᠳᠠᠬᠢ ᠡᠳᠦᠷ ᠲᠤᠰ ᠨᠣᠮ ᠤᠨ ᠳᠡᠯᠭᠡᠭᠦᠷ ᠦᠨ ᠬᠢᠨ ᠴᠡᠴᠡᠷᠯᠢᠭ ᠲᠦ ᠣᠴᠢᠵᠤ ᠬᠡᠦᠬᠡᠳ ᠦᠳ ᠲᠦ ᠦᠯᠢᠭᠡᠷ ᠦᠨ ᠨᠣᠮ ᠤᠩᠰᠢᠵᠤ ᠥᠭᠬᠦ ᠦᠢᠯᠡᠴᠢᠯᠡᠭᠡ ᠪᠡᠨ ᠡᠬᠢᠯᠡᠭᠦᠯᠦᠭᠡᠳ ᠪᠤᠢ ᠠᠵᠠᠢ᠃ ᠡᠨᠡ ᠵᠢᠯ ᠦᠨ ᠡᠬᠢᠨ ᠦ ᠤᠩᠰᠢᠯᠭ᠎ᠠ ᠶᠢ ᠤᠯᠢᠶᠠᠰᠤᠲᠠᠢ ᠰᠤᠮᠤ ᠶᠢᠨ ᠳᠦᠷᠪᠡᠳᠦᠭᠡᠷ ᠴᠡᠴᠡᠷᠯᠢᠭ ᠦᠨ ᠳᠤᠮᠳᠠ ᠨᠠᠰᠤᠨ ᠤ ᠪᠦᠯᠦᠭ ᠦᠨ ᠬᠡᠦᠬᠡᠳ ᠦᠳ ᠲᠦ ᠤᠩᠰᠢᠵᠤ ᠥᠭᠭᠦᠭᠰᠡᠨ ᠪᠠᠶᠢᠨ᠎ᠠ᠃ ᠪᠣᠷᠣᠯᠳᠠᠢ ᠨᠣᠮ ᠤᠨ ᠳᠡᠯᠭᠡᠭᠦᠷ ᠣᠯᠠᠨ ᠤᠯᠤᠰ ᠤᠨ ᠬᠡᠦᠬᠡᠳ ᠦᠨ ᠨᠣᠮ ᠤᠨ ᠡᠳᠦᠷ ᠲᠦ ᠵᠣᠷᠢᠭᠤᠯᠤᠨ ᠡᠨᠡ ᠰᠠᠷ᠎ᠠ ᠶᠢᠨ 1-5 ᠍ ᠳᠦ ᠬᠡᠦᠬᠡᠳ ᠦᠳ ᠲᠦ ᠦᠯᠢᠭᠡᠷ ᠦᠨ ᠨᠣᠮ ᠢᠶᠠᠨ ᠬᠢᠮᠳᠠᠷᠠᠭᠤᠯᠤᠨ  ᠪᠡᠯᠡᠭ ᠲᠡᠢ ᠬᠤᠳᠠᠯᠳᠤᠭ᠎ᠠ ᠶᠢ ᠮᠥᠨ ᠵᠣᠬᠢᠶᠠᠨ ᠪᠠᠶᠢᠭᠤᠯᠵᠠᠢ᠃
ᠳᠠᠰᠢᠷᠠᠮ ᠳᠤ ᠳᠤᠭᠤᠯᠭᠠᠬᠤ ᠳᠤ᠂ 1967 ᠣᠨ ᠠᠴᠠ ᠡᠬᠢᠯᠡᠨ ᠬᠡᠦᠬᠡᠳ ᠦᠨ ᠨᠣᠮ ᠤᠨ ᠣᠯᠠᠨ ᠤᠯᠤᠰ ᠤᠨ ᠵᠥᠪᠯᠡᠯ ᠦᠨ ᠰᠢᠢᠳᠪᠦᠷᠢ ᠪᠡᠷ ᠠᠤᠭ᠎ᠠ ᠶᠡᠬᠡ ᠬᠡᠦᠬᠡᠳ ᠦᠨ ᠵᠣᠬᠢᠶᠠᠯᠴᠢ ᠠᠨᠳᠧᠷᠰᠧᠨ ᠦ ᠲᠦᠷᠦᠭᠰᠡᠨ ᠡᠳᠦᠷ ᠪᠤᠶᠤ ᠳᠥᠷᠪᠡᠳᠦᠭᠡᠷ ᠰᠠᠷ᠎ᠠ ᠶᠢᠨ 2 ᠢ ᠣᠯᠠᠨ ᠤᠯᠤᠰ ᠤᠨ ᠬᠡᠦᠬᠡᠳ ᠦᠨ ᠨᠣᠮ ᠤᠨ ᠡᠳᠦᠷ ᠪᠣᠯᠭᠠᠨ ᠳᠡᠯᠡᠬᠡᠢ ᠨᠡᠶᠢᠲᠡ ᠪᠡᠷ ᠲᠡᠮᠳᠡᠭᠯᠡᠵᠦ ᠢᠷᠡᠭᠰᠡᠨ ᠲᠡᠦᠬᠡ ᠲᠡᠢ᠃

ᠰᠡᠳᠬᠢᠭᠳᠡᠯ ᠦᠯᠡᠳᠡᠭᠡᠬᠦ