ᠬᠦᠯᠡᠮᠵᠢ  ᠠᠴᠠ 103.5 ᠲᠣᠨ ᠤᠷᠭᠤᠴᠠ ᠬᠤᠷᠢᠶᠠᠵᠠᠢ | News.MN

ᠬᠦᠯᠡᠮᠵᠢ  ᠠᠴᠠ 103.5 ᠲᠣᠨ ᠤᠷᠭᠤᠴᠠ ᠬᠤᠷᠢᠶᠠᠵᠠᠢ

ᠥᠩᠭᠡᠷᠡᠭᠴᠢ 2018 ᠣᠨ ᠳᠤ ᠬᠡᠨᠲᠡᠢ ᠠᠶᠢᠮᠠᠭ ᠤᠨ ᠬᠡᠮᠵᠢᠶᠡᠨ ᠳᠦ 56 ᠰᠢᠨ᠎ᠡ ᠬᠦᠯᠡᠮᠵᠢ ᠶᠢ ᠤᠷᠤᠨ ᠨᠤᠲᠤᠭ ᠢ ᠬᠦᠭᠵᠢᠭᠦᠯᠬᠦ ᠰᠠᠩ᠂ ᠳᠡᠯᠡᠬᠡᠢ ᠶᠢᠨ ᠵᠥᠩ ᠪᠣᠷᠣ-ᠥᠨᠳᠥᠷ ᠬᠤᠶᠠᠳᠤᠭᠠᠷ ᠬᠥᠲᠥᠯᠪᠦᠷᠢ᠂  ᠬᠦᠳᠡᠭᠡ ᠠᠵᠤ ᠠᠬᠤᠢ ᠶᠢᠨ ᠶᠠᠮᠤᠨ ᠤ ᠬᠥᠩᠭᠡᠯᠡᠯᠲᠡ ᠲᠡᠢ ᠳᠡᠮᠵᠢᠯᠭᠡ ᠳᠦ ᠬᠠᠮᠤᠷᠤᠭᠳᠠᠵᠤ ᠪᠠᠷᠢᠭᠰᠠᠨ ᠪᠥᠭᠡᠳ᠂ ᠨᠡᠶᠢᠲᠡ ᠳᠦ ᠪᠡᠨ 4512  ᠲᠡᠭᠰᠢ ᠳᠦᠷᠪᠡᠯᠵᠢᠨ ᠮᠸᠲᠷ ᠵᠤᠨ ᠤ ᠬᠦᠯᠡᠮᠵᠢ ᠨᠡᠮᠡᠭᠳᠡᠵᠦ᠂ ᠬᠦᠯᠡᠮᠵᠢ ᠶᠢᠨ ᠠᠵᠤ ᠠᠬᠤᠢ ᠠᠴᠠ 103.5 ᠲᠣᠨ ᠤᠷᠭᠤᠴᠠ ᠬᠤᠷᠢᠶᠠᠴᠠᠢ᠃  ᠮᠥᠨ 390 ᠲᠣᠨ ᠤᠨ ᠪᠠᠭᠲᠠᠭᠠᠮᠵᠢ ᠲᠠᠢ ᠶᠢᠰᠦᠨ ᠵᠣᠭᠣᠷᠢ ᠰᠤᠮᠤᠳ ᠲᠤ ᠰᠢᠨ᠎ᠡ ᠪᠡᠷ ᠪᠠᠷᠢᠭᠰᠠᠨ ᠪᠣᠯ ᠥᠪᠡᠷ ᠦᠨ ᠬᠥᠷᠥᠩᠭᠡ ᠪᠡᠷ ᠵᠣᠭᠣᠷᠢ ᠪᠠᠷᠢᠭᠰᠠᠨ ᠬᠣᠶᠠᠷ ᠢᠷᠭᠡᠨ᠂ ᠨᠢᠭᠡ ᠬᠣᠷᠰᠢᠶᠠᠨ ᠳᠤ ᠨᠡᠶᠢᠲᠡ ᠭᠤᠷᠪᠠᠨ ᠰᠠᠶ᠎ᠠ ᠲᠥᠭᠥᠷᠢᠭ ᠦᠨ ᠮᠥᠩᠭᠥᠨ ᠤᠷᠮᠠᠰᠢᠭᠤᠯᠤᠯ ᠣᠯᠭᠤᠭᠰᠠᠨ ᠠᠵᠠᠢ᠃
2015-2017 ᠣᠨ ᠳᠤ ᠬᠠᠪᠤᠷ ᠵᠤᠨ ᠳᠤ ᠪᠠᠨ ᠭᠠᠩᠳᠠᠭᠤ ᠂ ᠤᠷᠭᠤᠴᠠ ᠪᠠᠨ ᠠᠯᠳᠠᠬᠤ ᠨᠥᠬᠥᠴᠡᠯ ᠡᠭᠦᠰᠴᠦ ᠪᠠᠶᠢᠭᠰᠠᠨ ᠪᠣᠯ ᠥᠩᠭᠡᠷᠡᠭᠰᠡᠨ ᠣᠨ ᠳᠤ ᠬᠡᠨᠲᠡᠢ ᠶᠢᠨ ᠲᠠᠷᠢᠶᠠᠯᠠᠩᠴᠢ᠂ ᠨᠣᠭᠣᠭᠠᠴᠢᠳ 21.7 ᠮᠢᠩᠭᠠᠨ ᠭᠠ ᠠᠴᠠ 27.3 ᠮᠢᠩᠭᠠᠨ ᠲᠣᠨ ᠤᠷᠭᠤᠴᠠ ᠠᠪᠤᠭᠰᠠᠨ  ᠳ᠋ᠦᠩ ᠭᠠᠷᠴᠠᠢ᠃ ᠲᠤᠬᠠᠶᠢᠯᠠᠪᠠᠯ᠂ ᠦᠷ᠎ᠡ ᠲᠠᠷᠢᠶ᠎ᠠ 15 ᠮᠢᠩᠭᠠᠨ ᠭᠠ ᠳᠦ ᠲᠠᠷᠢᠶᠠᠯᠠᠵᠤ᠂ 15.4 ᠮᠢᠩᠭᠠᠨ ᠲᠣᠨ ᠬᠤᠷᠢᠶᠠᠵᠤ ᠂ ᠮᠠᠯ ᠤᠨ ᠲᠡᠵᠢᠭᠡᠯ 1.7 ᠮᠢᠩᠭᠠᠨ ᠭᠠ ᠠᠴᠠ 5.2 ᠮᠢᠩᠭᠠᠨ ᠲᠣᠨ ᠢ ᠲᠤᠰ ᠲᠤᠰ ᠬᠤᠷᠢᠶᠠᠨ ᠠᠪᠤᠭᠰᠠᠨ ᠪᠠᠶᠢᠨ᠎ᠠ᠃ ᠲᠡᠭᠦᠨᠴᠢᠯᠡᠨ ᠲᠤᠰ ᠠᠶᠢᠮᠠᠭ ᠤᠨ ᠵᠠᠰᠠᠭ ᠳᠠᠷᠤᠭ᠎ᠠ ᠶᠢᠨ ᠵᠠᠬᠢᠷᠤᠮᠵᠢ ᠪᠠᠷ ᠪᠠᠲᠤᠯᠠᠭᠤᠯᠤᠭᠰᠠᠨ ︽ᠬᠡᠨᠲᠡᠢ-ᠠᠲᠠᠷ ᠤᠨ ᠠᠶᠠᠨ ︾ ᠬᠥᠲᠥᠯᠪᠦᠷᠢ ᠶᠢᠨ ᠨᠠᠢᠮᠠᠨ ᠵᠣᠷᠢᠯᠲᠠ ᠪᠦᠬᠦᠢ 18 ᠬᠡᠷᠡᠭᠵᠢᠭᠦᠯᠬᠦ ᠠᠵᠢᠯ ᠤᠨ ᠲᠥᠯᠥᠪᠯᠡᠭᠡ ᠶᠢ 84 ᠬᠤᠪᠢ ᠲᠠᠢ᠂  ︽ᠬᠦᠨᠡᠰᠦᠨ ᠦ ᠨᠣᠭᠣᠭ᠎ᠠ︾᠂ ︽ᠵᠢᠮᠢᠰ ᠵᠢᠮᠢᠰᠬᠡᠨ᠎ᠡ︾ ᠬᠥᠲᠥᠯᠪᠦᠷᠢ ᠶᠢᠨ ᠲᠥᠯᠦᠪᠯᠡᠭᠡᠨ ᠦ  ᠪᠡᠶᠡᠯᠡᠯᠲᠡ 80 ᠬᠤᠪᠢ ᠲᠠᠢ ᠬᠠᠩᠭᠠᠭᠳᠠᠭᠰᠠᠨ ᠳ᠋ᠦᠩ ᠮᠡᠳᠡᠭᠡ ᠭᠠᠷᠴᠠᠢ᠃

ᠰᠡᠳᠬᠢᠭᠳᠡᠯ ᠦᠯᠡᠳᠡᠭᠡᠬᠦ