ᠠ᠊∙ᠭᠠᠩᠪᠠᠭᠠᠲᠤᠷ ᠳᠡᠳ᠋ ᠶᠡᠷᠦᠩᠬᠡᠶᠢᠯᠡᠭᠴᠢ ᠪᠣᠯᠪᠠ | News.MN

ᠠ᠊∙ᠭᠠᠩᠪᠠᠭᠠᠲᠤᠷ ᠳᠡᠳ᠋ ᠶᠡᠷᠦᠩᠬᠡᠶᠢᠯᠡᠭᠴᠢ ᠪᠣᠯᠪᠠ

ᠠᠽᠢᠶ᠎ᠠ ᠶᠢᠨ ᠬᠥᠯ ᠪᠥᠮᠪᠥᠭᠡ ᠶᠢᠨ ᠬᠣᠯᠪᠣᠭᠠᠨ ᠤ 29 ᠳ᠋ᠤᠭᠡᠷ ᠶᠡᠬᠡ ᠬᠤᠷᠠᠯ ᠮᠠᠯᠠᠶᠢᠰᠢᠶ᠎ᠠ ᠤᠯᠤᠰ ᠤᠨ ᠺᠦ᠋ᠯᠠ ᠯᠤᠩᠫᠦᠷ ᠬᠤᠲᠠ ᠳᠤ ᠪᠣᠯᠵᠤ ᠪᠠᠶᠢᠨ᠎ᠠ᠃ ᠡᠨᠡ ᠦᠶ᠎ᠡ ᠪᠡᠷ ᠮᠣᠩᠭᠣᠯ ᠤᠨ ᠬᠥᠯ ᠪᠥᠮᠪᠥᠭᠡ ᠶᠢᠨ ᠬᠣᠯᠪᠣᠭᠠᠨ ᠤ ᠶᠡᠷᠦᠩᠬᠡᠶᠢᠯᠡᠭᠴᠢ ᠠ᠊∙ᠭᠠᠩᠪᠠᠭᠠᠲᠤᠷ ᠢ ᠠᠽᠢᠶ᠎ᠠ ᠶᠢᠨ ᠬᠥᠯ ᠪᠥᠮᠪᠥᠭᠡ ᠶᠢᠨ ᠬᠣᠯᠪᠣᠭᠠᠨ ᠤ ᠳᠡᠳ᠋ ᠶᠡᠷᠦᠩᠬᠡᠶᠢᠯᠡᠭᠴᠢ ᠪᠡᠷ ᠰᠣᠩᠭᠣᠯ᠎ᠠ ᠃ ᠠᠽᠢᠶ᠎ᠠ ᠶᠢᠨ ᠬᠥᠯ ᠪᠥᠮᠪᠥᠭᠡ ᠶᠢᠨ ᠬᠣᠯᠪᠣᠭ᠎ᠠ᠂ ᠮᠣᠩᠭᠣᠯ ᠤᠨ ᠬᠥᠯ ᠪᠥᠮᠪᠥᠭᠡ ᠶᠢᠨ ᠬᠣᠯᠪᠣᠭᠠᠨ ᠤ ᠦᠢᠯᠡ ᠠᠵᠢᠯᠯᠠᠭ᠎ᠠ᠂ ᠵᠥᠪ ᠵᠦᠢᠲᠡᠢ ᠪᠣᠳᠣᠯᠭ᠎ᠠ ᠶᠢ  ᠡᠶᠢᠨ  ᠬᠦ ᠥᠨᠳᠥᠷ ᠢᠶᠡᠷ ᠦᠨᠡᠯᠡᠵᠦ᠂ ᠢᠲᠡᠭᠡᠯ ᠬᠦᠯᠢᠶᠡᠯᠭᠡᠪᠡ᠃  ᠮᠣᠩᠭᠣᠯ ᠤᠨ ᠬᠦᠯ ᠪᠦᠮᠪᠦᠭᠡ ᠶᠢᠨ ᠬᠣᠯᠪᠣᠭ᠎ᠠ ᠰᠡᠭᠦᠯ ᠦᠨ ᠵᠢᠯ ᠦᠳ ᠲᠦ ᠠᠽᠢᠶ᠎ᠠ ᠶᠢᠨ ᠲᠣᠮᠣᠬᠠᠨ ᠬᠤᠯᠪᠤᠭ᠎ᠠ ᠲᠠᠢ ᠦᠢᠯᠡ ᠠᠵᠢᠯ ᠢᠶᠠᠷ ᠢᠶᠠᠨ ᠥᠷᠢᠰᠦᠯᠳᠦᠵᠦ᠂ 2018 ᠣᠨ ᠳᠤ ᠶᠠᠫᠣᠨ᠂ ᠪᠦᠭᠦᠳᠡ ᠨᠠᠶᠢᠷᠠᠮᠳᠠᠬᠤ ᠠᠷᠠᠳᠴᠢᠯᠠᠭᠰᠠᠨ ᠰᠣᠯᠣᠩᠭᠣᠰ ᠠᠷᠠᠳ ᠤᠯᠤᠰ ᠤᠨ ᠬᠥᠯ ᠪᠥᠮᠪᠥᠭᠡ ᠶᠢᠨ ᠬᠣᠯᠪᠣᠭᠠᠳ ᠲᠠᠢ ᠡᠩ ᠵᠡᠷᠭᠡᠴᠡᠨ ᠨᠢᠭᠡᠨ ᠱᠠᠩᠨᠠᠯ ᠤᠨ ᠲᠠᠪᠴᠠᠩ ᠳᠤ ᠭᠠᠷᠴᠤ᠂  ᠠᠽᠢᠶ᠎ᠠ ᠶᠢᠨ ᠬᠦᠯ ᠪᠦᠮᠪᠦᠭᠡ ᠶᠢᠨ ᠬᠤᠯᠪᠤᠭᠠᠨ ᠍ ᠤ  ︽ᠥᠰᠬᠦ ᠢᠷᠡᠭᠡᠳᠦᠢ ᠲᠡᠢ ᠬᠣᠯᠪᠣᠭ᠎ᠠ ︾᠍ ᠪᠠᠷ ᠰᠢᠯᠭᠠᠷᠠᠭᠰᠠᠨ ᠶᠤᠮ᠃

ᠰᠡᠳᠬᠢᠭᠳᠡᠯ ᠦᠯᠡᠳᠡᠭᠡᠬᠦ